ᠠᠮᠧᠷᠢᠺᠠ  ᠠᠴᠠ ᠤᠯᠢᠮᠫᠢᠺ ᠲᠤ ᠤᠷᠤᠯᠴᠠᠵᠤ ᠪᠤᠶ ᠤ᠊ ·ᠪᠠᠲᠤᠠᠤᠶᠤᠨ ᠮᠣᠩᠭᠤᠯ ᠤᠨ  ᠲᠠᠮᠢᠷᠴᠢᠳ ᠲᠠᠢ ᠠᠭᠤᠯᠵᠠᠵᠠᠢ | News.MN

ᠠᠮᠧᠷᠢᠺᠠ  ᠠᠴᠠ ᠤᠯᠢᠮᠫᠢᠺ ᠲᠤ ᠤᠷᠤᠯᠴᠠᠵᠤ ᠪᠤᠶ ᠤ᠊ ·ᠪᠠᠲᠤᠠᠤᠶᠤᠨ ᠮᠣᠩᠭᠤᠯ ᠤᠨ  ᠲᠠᠮᠢᠷᠴᠢᠳ ᠲᠠᠢ ᠠᠭᠤᠯᠵᠠᠵᠠᠢ

︽ᠪᠡᠭᠡᠵᠢᠩ – 2022︾ᠡᠪᠦᠯ ᠤᠨ ᠫᠠᠷᠠ ᠤᠯᠢᠮᠫᠢᠺ ᠲᠤ ᠮᠣᠩᠭᠤᠯ ᠤᠯᠤᠰ ᠠᠴᠠ ᠭᠤᠷᠪᠠᠨ ᠲᠠᠮᠢᠷᠴᠢᠨ  ᠤᠷᠤᠯᠴᠠᠵᠤ ᠪᠠᠢᠬᠤ ᠪᠥᠭᠡᠳ ᠲᠡᠳᠡ ᠡᠨᠡ ᠰᠠᠷ᠎ᠠ ᠶᠢᠨ 4  ᠳᠤ ᠨᠡᠭᠡᠭᠡᠯᠲᠡ ᠶᠢᠨ ᠶᠣᠰᠣᠯᠠᠯ ᠳᠤ ᠣᠷᠣᠯᠴᠠᠭᠰᠠᠨ᠃ ᠨᠡᠭᠡᠭᠡᠯᠲᠡ ᠶᠢᠨ ᠶᠣᠰᠣᠯᠠᠯ ᠤᠨ ᠳᠠᠷᠠᠭ᠎ᠠ  ᠠᠮᠧᠷᠢᠺᠠ ᠶᠢᠨ  ᠪᠠᠭ ᠠᠴᠠ  ᠺᠶᠤᠷᠯᠢᠨ ᠤ ᠲᠥᠷᠥᠯ ᠳᠤ ᠥᠷᠢᠰᠦᠯᠳᠦᠵᠦ ᠪᠤᠶ ᠤ᠊·ᠪᠠᠲᠤᠠᠤᠶᠤᠨ ᠮᠣᠩᠭᠤᠯ ᠤᠨ ᠢᠶᠠᠨ ᠪᠠᠭ ᠲᠠᠮᠢᠷᠴᠢᠳ ᠣᠴᠢᠵᠤ ᠠᠭᠤᠯᠵᠠᠨ᠂ ᠳᠤᠷᠠᠰᠬᠠᠯ ᠤᠨ ᠵᠢᠷᠤᠭ ᠲᠠᠲᠠᠭᠤᠯᠵᠤ ᠪᠠᠨ᠃
ᠠᠮᠧᠷᠢᠺᠠ ᠶᠢᠨ ᠪᠠᠭ ᠤᠨ ᠲᠠᠮᠢᠷᠴᠢᠨ ᠤ᠊ ·ᠪᠠᠲᠤᠠᠤᠶᠤᠨ ᠠᠩᠬ᠎ᠠ  ᠠᠮᠧᠷᠢᠺᠠ  ᠳᠤ ᠠᠵᠢᠯᠯᠠᠵᠤ ᠠᠮᠢᠳᠤᠷᠠᠬᠤ ᠪᠠᠷ ᠣᠴᠢᠭᠠᠳ ᠳᠣᠯᠤᠭᠠᠬᠠᠨ ᠬᠤᠨᠤᠭ ᠤᠨ ᠳᠠᠷᠠᠭ᠎ᠠ ᠮᠠᠰᠢᠨ ᠲᠡᠷᠭᠡᠨ ᠦ ᠣᠰᠣᠯ ᠳᠤ ᠣᠷᠣᠵᠤ᠂ ᠨᠤᠭᠤᠰᠤᠨ ᠤ ᠭᠡᠮᠲᠦᠯ ᠠᠪᠤᠭᠰᠠᠨ᠃ ᠲᠡᠷᠡ ᠪᠠᠷ ᠲᠡᠷᠭᠡᠨᠴᠢᠷ ᠲᠠᠢ ᠪᠣᠯᠣᠭᠰᠠᠨ ᠠᠴᠠ ᠪᠠᠨ ᠬᠤᠶᠢᠰᠢ 15 ᠵᠢᠯ ᠤᠨ ᠳᠠᠷᠠᠭ᠎ᠠ ᠺᠶᠤᠷᠯᠢᠨ ᠤ ᠰᠫᠣᠷᠲ ᠢᠶᠠᠷ ᠬᠢᠴᠢᠶᠡᠯᠯᠡᠵᠦ ᠂ ᠬᠤᠶᠠᠷ ᠵᠢᠯ ᠤᠨ ᠳᠠᠷᠠᠭ᠎ᠠ ᠠᠮᠧᠷᠢᠺᠠ ᠶᠢᠨ ᠰᠢᠭᠰᠢᠭᠡ ᠪᠠᠭ ᠤᠨ ᠲᠠᠮᠢᠷᠴᠢᠨ᠂ ᠳᠥᠷᠪᠡᠨ ᠵᠢᠯ ᠤᠨ ᠳᠠᠷᠠᠭ᠎ᠠ ᠺᠶᠤᠷᠯᠢᠨ ᠤ ᠳᠡᠯᠡᠬᠡᠢ ᠶᠢᠨ ᠠᠪᠤᠷᠭᠤ ᠪᠣᠯᠣᠭᠰᠠᠨ ᠪᠢᠯᠡ᠃

ᠰᠡᠳᠬᠢᠭᠳᠡᠯ ᠦᠯᠡᠳᠡᠭᠡᠬᠦ