ᠮᠣᠩᠭᠤᠯ ᠦᠻᠷᠠᠶᠢᠨ ᠤ ᠠᠰᠠᠭᠤᠳᠠᠯ ᠳᠤ ᠲᠦᠳᠡᠭᠡᠯᠵᠡᠭᠰᠡᠨ ᠪᠠᠶᠢᠷᠢ ᠰᠠᠭᠤᠷᠢ ᠢᠯᠡᠷᠬᠡᠢᠯᠡᠯ᠎ᠡ | News.MN

ᠮᠣᠩᠭᠤᠯ ᠦᠻᠷᠠᠶᠢᠨ ᠤ ᠠᠰᠠᠭᠤᠳᠠᠯ ᠳᠤ ᠲᠦᠳᠡᠭᠡᠯᠵᠡᠭᠰᠡᠨ ᠪᠠᠶᠢᠷᠢ ᠰᠠᠭᠤᠷᠢ ᠢᠯᠡᠷᠬᠡᠢᠯᠡᠯ᠎ᠡ

ᠨᠢᠭᠡᠳᠦᠭᠰᠡᠨ ᠦᠨᠳᠦᠰᠦᠨ ᠤ ᠪᠠᠶᠢᠭᠤᠯᠤᠯᠭ᠎ᠠ  ᠶᠢᠨ ᠶᠡᠷᠦᠩᠬᠡᠶ ᠠᠰᠰᠡᠮᠪᠯᠸᠢ ᠳᠤ ᠰᠠᠶ᠋ᠢᠬᠠᠨ ᠣᠷᠣᠰ ᠤᠨ ᠦᠻᠷᠠᠶᠢᠨ ᠳᠤ ᠬᠠᠯᠳᠠᠨ ᠳᠣᠪᠲᠤᠯᠤᠭᠰᠠᠨ ᠢ ᠨᠡᠩ ᠳᠠᠷᠤᠶ ᠵᠣᠭᠰᠣᠭᠠᠬᠤ ᠲᠤᠬᠠᠢ ᠰᠠᠨᠠᠯ ᠬᠤᠷᠢᠶᠠᠯᠲᠠ ᠪᠣᠯᠵᠤ ᠥᠩᠭᠡᠷᠡᠯ᠎ᠡ᠃ ᠰᠠᠨᠠᠯ ᠬᠤᠷᠢᠶᠠᠯᠲᠠ ᠳᠤ ᠶᠡᠷᠦᠩᠬᠡᠶ ᠠᠰᠰᠡᠮᠪᠯᠸᠢ ᠶᠢᠨ ᠪᠦᠬᠦ 193 ᠭᠡᠰᠢᠭᠦᠨ ᠣᠷᠣᠨ ᠤ ᠲᠥᠯᠦᠭᠡᠯᠡᠭᠴᠢ ᠢᠷᠡᠭᠰᠡᠨ ᠠᠴᠠ 141 ᠨᠢ ᠳᠡᠮᠵᠢᠵᠦ᠂ 35  ᠤᠯᠤᠰ ᠲᠦᠳᠡᠭᠡᠯᠵᠡᠯ᠎ᠡ᠃ ᠪᠧᠯᠠᠷᠦ᠋ᠰ᠂ ᠰᠢᠷᠢᠶ᠎ᠠ᠂ ᠬᠤᠶᠢᠳᠤ ᠰᠤᠯᠦᠩᠭᠤᠰ᠂  ᠡᠷᠢᠲᠷᠸᠢ᠂ ᠣᠷᠣᠰ  ᠯᠡ ᠡᠰᠡᠷᠭᠦᠴᠡᠭᠰᠡᠨ ᠪᠠᠶᠢᠨ᠎ᠡ᠃ ᠮᠦᠠ ᠭᠸᠢᠨᠧᠢ ᠵᠡᠷᠭᠡ 12 ᠤᠯᠤᠰ ᠰᠠᠨᠠᠯ ᠬᠤᠷᠢᠶᠠᠯᠲᠠ ᠳᠤ ᠣᠷᠣᠯᠴᠠᠬᠤ ᠠᠴᠠ ᠲᠠᠲᠠᠭᠠᠯᠵᠠᠪᠠ᠃ ᠲᠠᠭᠠᠮᠠᠭᠯᠠᠵᠤ ᠪᠠᠶᠢᠭᠰᠠᠨᠴᠢᠯᠠᠨ᠂ ᠬᠢᠲᠠᠳ᠂ ᠡᠨᠡᠦᠡᠭᠡᠭ ᠤᠯᠤᠰ ᠲᠦᠳᠡᠭᠡᠯᠵᠡᠭᠰᠡᠨ ᠪᠤᠯ ᠣᠷᠣᠰ   ᠤᠨ ᠬᠤᠯᠪᠣᠭᠠᠲᠠᠨ ᠪᠣᠯᠬᠤ ᠨᠢᠺᠠᠷᠠᠭᠤᠸᠠ᠂ ᠺᠦᠪᠠ ᠤᠯᠤᠰ  ᠲᠦᠳᠡᠭᠡᠯᠵᠡᠭᠰᠡᠨ ᠰᠠᠨᠠᠯ ᠥᠭᠭᠦᠭᠰᠡᠨ ᠨᠢ ᠭᠡᠨᠡᠳᠲᠡ ᠶᠢᠨ ᠶᠠᠪᠤᠳᠠᠯ ᠪᠣᠯᠣᠭᠰᠠᠨ ᠪᠠᠶᠢᠨ᠎ᠡ᠃ ᠦᠡᠭᠭᠡᠷᠡᠭᠰᠡᠠ ᠪᠠᠰᠠᠩ ᠭᠠᠷᠠᠭ ᠲᠤ  ᠠᠶᠤᠯᠭᠦᠢ ᠶᠢᠨ ᠵᠥᠪᠯᠡᠯ ᠳᠡᠭᠡᠷ᠎ᠡ ᠶᠠᠪᠤᠭᠳᠠᠭᠰᠠᠨ ᠲᠦᠰᠳᠡᠢ ᠲᠣᠭᠲᠠᠭᠠᠯ ᠳᠤ ᠲᠠᠲᠠᠭᠠᠯᠵᠠᠭᠰᠠᠨ ᠰᠠᠨᠠᠯ ᠥᠭᠴᠦ ᠪᠠᠶᠢᠭᠰᠠᠨ ᠠᠷᠠᠪ ᠤᠨ ᠨᠢᠭᠡᠳᠦᠭᠰᠡᠨ  ᠡᠮᠢᠷᠠᠲ ᠤᠯᠤᠰ ᠡᠨᠡ ᠤᠳᠠᠭ᠎ᠠ ᠳᠡᠮᠵᠢᠵᠦ ᠰᠠᠨᠠᠯ ᠥᠭᠴᠡᠢ᠃ ᠮᠣᠩᠭᠤᠯ ᠤᠯᠤᠰ ᠲᠦᠳᠡᠭᠡᠯᠵᠡᠭᠰᠡᠨ ᠪᠠᠶᠢᠷᠢ ᠰᠠᠭᠤᠷᠢ ᠢᠯᠡᠷᠬᠡᠶᠢᠯᠡᠪᠡ᠃

ᠡᠨᠡ ᠬᠦ ᠰᠠᠨᠠᠯ ᠠᠰᠠᠭᠤᠯᠭ᠎ᠠ ᠶᠢᠨ ᠴᠠᠭᠠᠳᠤ ᠵᠣᠷᠢᠯᠭ᠎ᠠ ᠨᠢ ᠦᠻᠷᠠᠶᠢᠨ ᠳᠤ ᠴᠡᠷᠢᠭ ᠣᠷᠣᠭᠤᠯᠤᠭᠰᠠᠨ ᠣᠷᠣᠰ   ᠤᠨ ᠦᠢᠯᠡᠳᠦᠯ ᠢ ᠪᠤᠷᠤᠭᠤᠳᠬᠠᠵᠤ᠂ ᠬᠤᠷᠢᠭ ᠲᠠᠯᠪᠢᠬᠤ ᠪᠤᠯᠦᠠ ᠰᠢᠢᠳᠬᠡᠯ ᠤᠨ ᠪᠤᠰᠤᠳ ᠠᠷᠭ᠎ᠠ ᠮᠧᠬᠠᠨᠢᠰᠮ ᠢ ᠬᠡᠷᠡᠭᠵᠢᠭᠦᠯᠬᠦ ᠳᠤ ᠣᠯᠠᠨ ᠤᠯᠤᠰ ᠤᠨ ᠳᠡᠮᠵᠢᠯᠭᠡ ᠶᠢ ᠠᠪᠬᠤ ᠶᠠᠪᠤᠳᠠᠯ ᠶᠤᠮ᠃

ᠰᠡᠳᠬᠢᠭᠳᠡᠯ ᠦᠯᠡᠳᠡᠭᠡᠬᠦ