ᠮᠣᠩᠭᠣᠯ ᠤᠨ 5 ᠵᠢᠦ᠋ᠳᠤᠤᠴᠢ ᠡᠬᠢᠨ ᠤ ᠠᠷᠪᠠ  ᠳᠤ ᠡᠷᠡᠮᠪᠡᠯᠡᠭᠳᠡᠵᠡᠢ | News.MN

ᠮᠣᠩᠭᠣᠯ ᠤᠨ 5 ᠵᠢᠦ᠋ᠳᠤᠤᠴᠢ ᠡᠬᠢᠨ ᠤ ᠠᠷᠪᠠ  ᠳᠤ ᠡᠷᠡᠮᠪᠡᠯᠡᠭᠳᠡᠵᠡᠢ

︽ᠲᠸᠯᠢ ᠠᠸᠢᠸ᠋ – 2022︾ᠶᠡᠭᠡ ᠲᠤᠭᠤᠯᠠᠭ᠎ᠠ ᠲᠡᠮᠡᠴᠡᠭᠡᠨ ᠤ ᠳᠠᠷᠠᠭ᠎ᠠ ᠣᠯᠠᠨ ᠤᠯᠤᠰ ᠤᠨ ᠵᠢᠦ᠋ᠳᠤᠤ ᠪᠥᠬᠡ ᠶᠢᠨ ᠬᠤᠯᠪᠣᠭᠠᠨ ᠠᠴᠠ ᠡᠷᠡᠭᠲᠡᠢ᠂ ᠡᠮᠡᠭᠳᠡᠢ ᠵᠢᠦ᠋ᠳᠤᠤᠴᠢᠳ ᠤᠨ ᠴᠢᠨᠰᠠᠭ᠎ᠠ ᠶᠢ ᠰᠢᠨᠡᠴᠢᠯᠡᠨ ᠭᠠᠷᠭᠠᠵᠠᠢ᠃ ᠮᠠᠨ ᠤ ᠤᠯᠤᠰ ᠤᠨ ᠡᠷᠡᠭᠲᠡᠢ ᠵᠢᠦ᠋ᠳᠤᠤᠴᠢᠳ  ᠠᠴᠠ 66 ᠺᠢᠯᠣᠭ᠍ᠷᠠᠮ ᠳᠤ ᠶᠣ ·ᠪᠠᠰᠠᠬᠦᠦ 4066 ᠣᠨᠤᠭ᠎ᠠ ᠲᠠᠢ ᠪᠠᠷ ᠭᠤᠷᠪᠠᠳᠤᠭᠠᠷ ᠪᠠᠶᠢᠷᠢ ᠳᠤ᠂ 73 ᠺᠢᠯᠣᠭ᠍ᠷᠠᠮ ᠳᠤ ᠴ᠊ · ᠴᠣᠭᠲᠣᠪᠠᠭᠠᠲᠤᠷ 4994 ᠣᠨᠤᠭ᠎ᠠ ᠲᠠᠢ ᠪᠠᠷ ᠬᠤᠶᠠᠳᠤᠭᠠᠷ ᠪᠠᠶᠢᠷᠢ ᠳᠤ᠂ 81 ᠺᠢᠯᠣᠭ᠍ᠷᠠᠮ ᠳᠤ  ᠰᠠᠶ᠋ᠢᠳ᠋  ᠮᠤᠯᠯᠠᠢ 3294 ᠵᠢᠷᠭᠤᠳᠤᠭᠠᠷ ᠪᠠᠶᠢᠷᠢ ᠳᠤ᠂ 100 ᠺᠢᠯᠣᠭ᠍ᠷᠠᠮ  ᠳᠤ ᠣ᠊ ·ᠴᠡᠴᠡᠨᠴᠡᠩᠭᠡᠯ 2895 ᠣᠨᠤᠭ᠎ᠠ ᠲᠠᠢ ᠪᠠᠷ ᠳᠣᠯᠣᠳᠤᠭᠠᠷ ᠪᠠᠶᠢᠷᠢ ᠳᠤ ᠪᠢᠴᠢᠭᠳᠡᠵᠦ ᠪᠠᠶᠢᠨ᠎ᠡ᠃

ᠮᠣᠩᠭᠣᠯ ᠤᠨ ᠡᠮᠡᠭᠳᠡᠢ ᠵᠢᠦ᠋ᠳᠤᠤᠴᠢᠳ  ᠦᠨ ᠬᠤᠪᠢ ᠳᠤ 48 ᠺᠢᠯᠣᠭ᠍ᠷᠠᠮ ᠳᠦ ᠮ᠊∙ᠤᠷᠠᠨᠴᠡᠴᠡᠭ 4550 ᠤᠨᠤᠭ᠎ᠠ ᠲᠠᠢ ᠭᠤᠷᠪᠠᠳᠤᠭᠠᠷ ᠲᠤ ᠡᠷᠡᠮᠪᠡᠯᠡᠭᠳᠡᠭᠰᠡᠨ ᠪᠤᠯ᠂ 52 ᠺᠢᠯᠣᠭ᠍ᠷᠠᠮ ᠳᠦ ᠪ∙ᠬᠤᠷᠯᠤᠳᠠᠢ︵2399 ᠣᠨᠤᠭ᠎ᠠ︶᠂ 63 ᠺᠢᠯᠣᠭ᠍ᠷᠠᠮ ᠳᠦ ᠪ∙ᠭᠠᠩᠬᠠᠢᠴᠢ︵2092 ᠣᠨᠤᠭ᠎ᠠ︶ ᠨᠠᠷ 12 ᠳ᠋ᠤᠭᠠᠷ ᠲᠤ ᠲᠤᠰ ᠲᠤᠰ ᠡᠷᠡᠮᠪᠡᠯᠡᠭᠳᠡᠵᠡᠢ᠃

ᠰᠡᠳᠬᠢᠭᠳᠡᠯ ᠦᠯᠡᠳᠡᠭᠡᠬᠦ