︽ᠨᠡᠶᠢᠲᠡ ᠶᠢᠨ ᠮᠣᠩᠭᠤᠯ ᠪᠥᠬᠡ ︾  ᠶᠢᠨ ᠪᠠᠷᠢᠯᠳᠤᠭᠠᠨ ᠳᠤ 250 ᠪᠥᠬᠡ ᠵᠣᠳᠣᠭᠯᠠᠵᠤ ᠪᠠᠶᠢᠨ᠎ᠡ | News.MN

︽ᠨᠡᠶᠢᠲᠡ ᠶᠢᠨ ᠮᠣᠩᠭᠤᠯ ᠪᠥᠬᠡ ︾  ᠶᠢᠨ ᠪᠠᠷᠢᠯᠳᠤᠭᠠᠨ ᠳᠤ 250 ᠪᠥᠬᠡ ᠵᠣᠳᠣᠭᠯᠠᠵᠤ ᠪᠠᠶᠢᠨ᠎ᠡ

ᠮᠣᠩᠭᠤᠯ ᠤᠯᠤᠰ ᠲᠤ ᠣᠷᠴᠢᠨ ᠴᠠᠭ ᠤᠨ ᠳᠣᠲᠣᠭᠠᠳᠤ ᠶᠢᠨ ᠴᠡᠷᠢᠭ ᠡᠭᠦᠰᠴᠦ ᠬᠥᠭᠵᠢᠭᠰᠡᠨ ᠤ ᠲᠡᠦᠬᠡᠲᠦ 100 ᠵᠢᠯ ᠤᠨ ᠣᠢ ᠶᠢ ᠲᠣᠬᠢᠶᠠᠯᠳᠤᠭᠤᠯᠤᠨ ᠳᠣᠲᠣᠭᠠᠳᠤ ᠶᠢᠨ ᠴᠡᠷᠢᠭ ᠤᠨ ᠠᠩᠭᠢ᠂ ᠲᠤᠰᠬᠠᠶ ᠰᠠᠯᠪᠤᠷᠢ᠂ ᠰᠠᠯᠠᠭᠠᠨ ᠤ ᠠᠯᠪᠠ ᠬᠠᠭᠠᠭᠴᠢᠳ ᠤᠨ ᠳᠤᠮᠳᠠ ︽ᠨᠡᠶᠢᠲᠡ ᠶᠢᠨ ᠮᠣᠩᠭᠤᠯ ᠪᠥᠬᠡ︾  ᠶᠢᠨ ᠪᠠᠷᠢᠯᠳᠤᠭᠠᠨ ᠢ ᠥᠨᠥᠳᠥᠷ︵02.23︶︽ᠮᠣᠩᠭᠤᠯ ᠪᠥᠬᠡ ᠶᠢᠨ  ᠥᠷᠭᠦᠭᠡ︾ ᠳᠤ  ᠵᠣᠬᠢᠶᠠᠨ ᠪᠠᠶᠢᠭᠤᠯᠵᠤ ᠪᠠᠶᠢᠨ᠎ᠡ᠃
ᠨᠡᠭᠡᠭᠡᠯᠲᠡ ᠳᠤ ᠳᠣᠲᠣᠭᠠᠳᠤ ᠶᠢᠨ ᠴᠡᠷᠢᠭ ᠤᠨ ᠱᠲ᠋ᠠᠪ ᠤᠨ ᠣᠷᠤᠯᠠᠭᠴᠢ᠂ ᠬᠠᠷᠠᠭᠤᠯ ᠬᠠᠮᠠᠭᠠᠯᠠᠯᠲᠠ ᠶᠢᠨ ᠬᠡᠯᠲᠡᠰ ᠤᠨ ᠳᠠᠷᠤᠭ᠎ᠠ᠂ ᠳᠡᠳ᠋ ᠬᠤᠷᠠᠩᠳᠠ ᠪ ∙ ᠴᠢᠩᠵᠣᠷᠢᠭ᠂ ᠵᠠᠬᠢᠷᠭᠠᠨ ᠤ ᠤᠳᠤᠷᠢᠳᠤᠯᠭ᠎ᠠ ᠶᠢᠨ ᠬᠡᠯᠲᠡᠰ ᠤᠨ ᠳᠠᠷᠤᠭ᠎ᠠ᠂ ᠬᠤᠷᠠᠩᠳᠠ ᠳ᠋᠊ · ᠳᠤᠭᠠᠷᠰᠦ᠋ᠷᠦᠩ ᠪᠤᠯᠦᠠ ᠠᠩᠭᠢ᠂ ᠰᠠᠯᠪᠤᠷᠢ ᠶᠢᠨ ᠵᠠᠬᠢᠷᠤᠭᠴᠢ᠂ ᠠᠯᠪᠠ ᠬᠠᠭᠠᠭᠴᠢ᠂ ᠬᠤᠭᠤᠴᠠᠭᠠᠲᠤ ᠴᠡᠷᠢᠭ ᠤᠨ ᠠᠯᠪᠠ ᠬᠠᠭᠠᠭᠴᠢᠳ ᠣᠷᠣᠯᠴᠠᠯ᠎ᠠ᠃ ᠪᠠᠷᠢᠯᠳᠤᠭᠠᠨ ᠳᠤ ᠳᠣᠲᠣᠭᠠᠳᠤ ᠶᠢᠨ ᠴᠡᠷᠢᠭ ᠤᠨ ᠪᠠᠶᠢᠭᠤᠯᠤᠯᠭ᠎ᠠ ᠶᠢᠨ ᠣᠹᠢᠼᠧᠷ᠂ ᠠᠬᠠᠯᠠᠭᠴᠢ᠂ ᠬᠤᠭᠤᠴᠠᠭᠠᠲᠤ ᠴᠡᠷᠢᠭ ᠤᠨ ᠨᠡᠶᠢᠲᠡ 250
ᠪᠥᠬᠡ ᠬᠤᠷᠳᠤ ᠬᠦᠴᠦ᠂ ᠠᠪᠢᠶᠠᠰ ᠴᠢᠳᠡᠪᠦᠷᠢ᠂ ᠠᠪᠬᠠᠯᠵᠢ ᠰᠠᠮᠪᠠᠭ᠎ᠠ᠂ ᠤᠷᠠᠨ ᠮᠡᠭᠡ ᠪᠠᠨ ᠤᠷᠤᠯᠳᠤᠭᠤᠯᠬᠤ ᠶᠠᠭᠤᠮ᠎ᠠ᠃

ᠰᠡᠳᠬᠢᠭᠳᠡᠯ ᠦᠯᠡᠳᠡᠭᠡᠬᠦ