ᠮᠣᠩᠭᠤᠯ ᠪᠠᠩᠬᠢ ᠪᠤᠯᠦᠠ ᠮᠠᠰᠲᠸᠷ ᠺᠠᠷᠲ ᠪᠠᠶᠢᠭᠤᠯᠤᠯᠤᠭ᠎ᠠ ︽ᠮ᠊ / ᠴᠢᠫ ᠲᠧᠻᠨᠣᠯᠣᠭᠢ ᠶᠢᠨ ᠯᠢᠼᠧᠨ᠋ᠽ ᠤᠨ ᠭᠡᠷ᠎ᠡ︾ ᠶᠢ 2019 ᠣᠨ ᠳᠤ ᠪᠠᠶᠢᠭᠤᠯᠤᠭᠰᠠᠨ ᠠᠴᠠ ᠬᠤᠶᠢᠰᠢ ᠬᠤᠶᠠᠷ ᠵᠢᠯ ᠤᠨ ᠬᠤᠭᠤᠴᠠᠭᠠᠨ ᠳᠤ ᠬᠠᠮᠲᠤᠷᠠᠨ ᠠᠵᠢᠯᠯᠠᠭᠰᠠᠨ ᠢᠶᠠᠷ ᠦᠨᠳᠦᠰᠦᠨ ᠤ ᠪᠷᠧᠨ᠋ᠳ᠋ ₮ ᠺᠠᠷᠲ ᠢ EMV ᠴᠢᠫ ᠲᠧᠭᠨᠣᠯᠣᠭᠢ ᠳᠤ ᠰᠠᠭᠤᠷᠢᠯᠠᠭᠰᠠᠨ ᠨᠢᠭᠤᠴᠠᠯᠠᠯ᠂ ᠠᠶᠤᠯ ᠦᠭᠡᠶ ᠪᠠᠶᠢᠳᠠᠯ ᠢ ᠦᠡᠳᠦᠷ ᠲᠦᠪᠰᠢᠨ ᠳᠤ ᠬᠠᠩᠭᠠᠭᠰᠠᠨ чип ᠲᠧᠭᠨᠣᠯᠣᠭᠢ ᠳᠤ ᠰᠢᠯᠵᠢᠭᠦᠯᠦᠯ᠎ᠡ᠃
ᠮᠣᠩᠭᠤᠯ ᠪᠠᠩᠬᠢᠨ ᠤ ᠲᠥᠯᠥᠪᠦᠷᠢ ᠲᠣᠭᠠᠴᠠᠭᠠᠨ ᠤ ᠭᠠᠵᠠᠷ ᠤᠨ ᠵᠠᠬᠢᠷᠤᠯ ᠡ᠊ ·ᠠᠨᠠᠷ ᠄ ᠮ᠊ / ᠴᠢᠫ ₮ ᠺᠠᠷᠲ ᠢ ᠠᠷᠠᠯᠵᠢᠶᠠᠨ ᠤ 11 ᠪᠠᠩᠬᠢ᠂ ᠺᠠᠷᠲ ᠭᠠᠷᠭᠠᠭᠴᠢ ᠹᠢᠨᠲᠸᠺ ᠺᠣᠮᠫᠠᠨᠢ ᠨᠤᠭᠤᠳ ᠢᠶᠠᠷ ᠳᠠᠮᠵᠢᠭᠤᠯᠤᠨ ᠺᠠᠷᠲ ᠡᠵᠡᠮᠰᠢᠭᠴᠢᠳ ᠠᠪᠬᠤ ᠪᠣᠯᠣᠮᠵᠢ ᠲᠠᠢ ᠪᠣᠯᠣᠯ᠎ᠠ᠃ ᠮ᠊ / ᠴᠢᠫ ᠲᠧᠭᠨᠣᠯᠣᠭᠢ ᠶᠢ ᠨᠡᠪᠲᠡᠷᠡᠭᠦᠯᠦᠭᠰᠡᠨ ᠢᠶᠠᠷ ₮ ᠺᠠᠷᠲ ᠤᠨ ᠨᠢᠭᠤᠴᠠᠯᠠᠯ᠂ ᠠᠶᠤᠯᠭᠦᠢ ᠪᠠᠶᠢᠳᠠᠯ ᠡᠷᠡᠰ ᠰᠠᠶᠢᠵᠢᠷᠠᠵᠤ᠂ ᠡᠮᠦᠨᠡᠬᠢ ᠰᠣᠷᠢᠨᠵᠢᠨ ᠲᠤᠤᠵᠠ ᠲᠠᠢ ᠺᠠᠷᠲ ᠠᠰᠢᠭᠯᠠᠵᠤ ᠪᠠᠶᠢᠬᠤ ᠳᠤ ᠡᠭᠦᠰᠴᠦ ᠪᠠᠶᠢᠭᠰᠠᠨ ᠨᠢᠭᠤᠴᠠᠯᠠᠯ᠂ ᠠᠶᠤᠯᠭᠦᠢ ᠪᠠᠶᠢᠳᠠᠯ ᠤᠨ ᠡᠷᠡᠰᠳᠡᠯ ᠢ ᠪᠦᠷᠢᠠ ᠠᠷᠢᠯᠭᠠᠭᠰᠠᠨ᠃ ᠴᠢᠫ ᠲᠧᠭᠨᠣᠯᠣᠭᠢ ᠳᠤ ᠰᠠᠭᠤᠷᠢᠯᠠᠭᠰᠠᠨ ₮ ᠺᠠᠷᠲ ᠨᠢ ᠮᠠᠨ ᠤ ᠤᠯᠤᠰ ᠤᠨ ᠪᠠᠩᠬᠢ ᠰᠠᠩᠬᠦᠦ ᠶᠢᠨ ᠰᠠᠯᠪᠤᠷᠢ ᠡᠳ᠋ ᠤᠨ ᠵᠠᠰᠠᠭ ᠲᠤ ᠠᠰᠢᠭᠯᠠᠵᠤ ᠪᠤᠶ ᠲᠥᠯᠥᠪᠦᠷᠢ ᠶᠢᠨ ᠦᠨᠳᠦᠰᠦᠨ ᠭᠡᠷᠡᠭᠰᠡᠯ ᠲᠡᠳᠦᠢ ᠦᠭᠡᠢ ᠲᠥᠯᠥᠪᠦᠷᠢ ᠲᠣᠭᠠᠴᠠᠭᠠᠨ ᠤ ᠰᠢᠰᠲ᠋ᠧᠮ ᠳᠤ ᠲᠣᠮᠤᠬᠠᠨ ᠡᠭᠦᠷᠭᠡ ᠭᠦᠢᠴᠡᠳᠬᠡᠨ᠎ᠡ ᠭᠡᠳᠡᠭ ᠢ ᠣᠨᠴᠠᠯᠠᠪᠠ᠃