ᠬᠣᠪᠳᠣ ᠠᠶᠢᠮᠠᠭ ᠤᠨ ᠪᠤᠯᠠᠭᠠᠨ ᠰᠤᠮᠤ ᠶᠢᠨ ᠨᠤᠲᠤᠭ ᠳᠡᠪᠢᠰᠬᠡᠷ ᠲᠦ ᠤᠷᠤᠰᠢᠬᠤ ᠪᠤᠯᠠᠭᠠᠨ ᠭᠣᠣᠯ ᠤᠨ ᠠᠢ ᠰᠠᠪᠠ ᠳᠤ ᠤᠰᠤᠨ ᠤ ᠪᠤᠯᠠᠭ᠎ᠠ ︵mustela vison︶ᠰᠢᠨ᠎ᠡ ᠪᠡᠷ ᠪᠦᠷᠢᠳᠬᠡᠭᠳᠡᠯ᠎ᠡ᠃ ᠰᠡᠭᠦᠯ ᠦᠨ ᠵᠢᠯ ᠦᠳ ᠲᠦ ᠪᠤᠯᠠᠭᠠᠨ ᠭᠣᠣᠯ ᠤᠨ ᠠᠢ ᠰᠠᠪᠠ᠂ ᠡᠺᠣᠰᠢᠰᠲ᠋ᠧᠮ ᠢ ᠬᠠᠮᠠᠭᠠᠯᠠᠬᠤ ᠠᠵᠢᠯ ᠳᠤ ᠠᠬᠢᠴᠠ ᠭᠠᠷᠴᠤ ᠪᠠᠶᠢᠭ᠎ᠠ ᠪᠥᠭᠡᠳ ᠲᠠᠩᠳᠠᠯᠲᠠ ᠰᠤᠳᠤᠯᠭᠠᠨ ᠤ ᠠᠵᠢᠯ ᠤᠳ ᠢ ᠮᠥᠨ ᠱᠠᠲᠤ ᠳᠠᠷᠠᠭ᠎ᠠ ᠲᠠᠢ ᠬᠢᠵᠦ ᠪᠠᠶᠢᠨ᠎ᠠ᠃ ᠪᠤᠯᠠᠭᠠᠨ ᠭᠣᠣᠯ ᠤᠨ ᠠᠢ ᠰᠠᠪᠠ ᠨᠢ ᠬᠣᠪᠣᠷ᠂ ᠨᠡᠩ ᠬᠣᠪᠣᠷ᠂ ᠬᠣᠪᠣᠷᠳᠠᠭᠰᠠᠨ ᠠᠮᠢᠲᠠᠨ ᠤᠷᠭᠤᠮᠠᠯ ᠪᠦᠬᠦᠢ ᠪᠠᠢᠭᠠᠯᠢ ᠶᠢᠨ ᠥᠪᠡᠷᠮᠢᠴᠡ ᠡᠺᠣ ᠰᠢᠰᠲ᠋ᠧᠮ ᠲᠡᠢ ᠪᠦᠰᠡ ᠨᠤᠲᠤᠭ ᠭᠡᠳᠡᠭ ᠢᠶᠡᠷ ᠢᠶᠡᠨ ᠣᠨᠴᠠᠯᠢᠭ ᠲᠠᠢ᠃ ᠪᠤᠯᠠᠭᠠᠨ ᠭᠣᠣᠯ ᠤᠨ ᠠᠢ ᠰᠠᠪᠠ ᠳᠤ 200 ᠭᠠᠷᠤᠢ ᠵᠦᠢᠯ ᠰᠢᠪᠠᠭᠤ ᠠᠮᠢᠳᠤᠷᠠᠳᠠᠭ᠃ ᠲᠡᠭᠦᠨᠴᠢᠯᠡᠨ ᠮᠣᠩᠭᠣᠯ ᠳᠤ ᠴᠣᠷ ᠤᠨ ᠭᠠᠭᠴᠠ ᠪᠠᠶᠢᠳᠠᠭ ᠠᠽᠢᠶ᠎ᠠ ᠶᠢᠨ ᠰᠢᠷ᠎ᠠ ᠮᠢᠨᠵᠢ᠂ ᠤᠯᠠᠭᠠᠨ ᠨᠣᠮ ᠳᠤ ᠣᠷᠣᠭᠰᠠᠨ 《ᠰᠢᠷᠭᠠᠯ ᠦᠬᠡᠷᠳᠡᠢ》ᠭᠡᠬᠦ ᠵᠢᠭᠠᠰᠤ᠂ ᠴᠢᠭᠢᠷᠡ ᠭᠡᠬᠦ ᠮᠡᠲᠦ ᠬᠣᠪᠣᠷ ᠠᠮᠢᠲᠠᠳ ᠪᠤᠢ᠃
ᠮᠦᠩᠬᠡᠬᠠᠢᠷᠬᠠᠨ ᠤ ᠪᠠᠢᠭᠠᠯᠢ ᠶᠢᠨ ᠴᠤᠭᠴᠠᠯᠠᠪᠤᠷᠢᠲᠤ ᠭᠠᠵᠠᠷ ᠤᠨ ᠬᠠᠮᠠᠭᠠᠯᠠᠯᠲᠠ ᠶᠢᠨ ᠵᠠᠬᠢᠷᠭᠠᠨ ᠤ ᠰᠤᠳᠤᠯᠭᠠᠨ ᠤ ᠪᠠᠭ 2022 ᠣᠨ ᠤ ᠬᠣᠶᠠᠳᠤᠭᠠᠷ ᠰᠠᠷ᠎ᠠ ᠶᠢᠨ 13-17 ᠤ ᠡᠳᠦᠷ ᠪᠤᠯᠠᠭᠠᠨ ᠭᠣᠣᠯ ᠳᠠᠭᠠᠤ ᠰᠤᠳᠤᠯᠭ᠎ᠠ ᠬᠢᠵᠦ᠂ ᠤᠰᠤᠨ ᠤ ᠪᠤᠯᠠᠭ᠎ᠠ ᠪᠠᠶᠢᠷᠢᠰᠢᠵᠤ ᠪᠤᠢ ᠴᠡᠭ ᠢ ᠲᠣᠭᠲᠠᠭᠠᠨ᠂ ᠺᠠᠮᠧᠷ ᠪᠠᠶᠢᠷᠢᠰᠢᠭᠤᠯᠤᠨ ᠵᠢᠷᠤᠭ ᠢᠶᠠᠷ ᠪᠠᠷᠢᠮᠲᠠᠵᠢᠭᠤᠯᠵᠠᠢ᠃ ᠡᠨᠡ ᠨᠢ ᠪᠤᠯᠠᠭᠠᠨ ᠭᠣᠣᠯ ᠤᠨ ᠠᠢ ᠰᠠᠪᠠ ᠳᠤ ᠤᠰᠤᠨ ᠤ ᠪᠤᠯᠠᠭ᠎ᠠ ᠠᠮᠢᠳᠤᠷᠠᠵᠤ ᠪᠠᠶᠢᠭ᠎ᠠ ᠶᠢ ᠠᠯᠪᠠᠨ ᠶᠣᠰᠣᠭᠠᠷ ᠪᠦᠷᠢᠳᠬᠡᠭᠰᠡᠨ ᠠᠩᠬᠠᠨ ᠤ ᠲᠣᠬᠢᠶᠠᠯᠳᠤᠯ ᠭᠡᠵᠦ ᠪᠠᠶᠢᠭᠠᠯᠢ ᠬᠠᠮᠠᠭᠠᠯᠠᠭᠴᠢ ᠨᠠᠷ ᠣᠨᠴᠠᠯᠠᠯ᠎ᠠ᠃