ᠦᠨᠳᠦᠰᠦᠨ ᠦ ᠡᠪᠦᠯ ᠦᠨ ᠰᠫᠣᠷᠲ ᠤᠨ ᠨᠠᠭᠠᠳᠤᠮ 18-20  ᠳᠦ ᠪᠣᠯᠤᠨ᠎ᠠ | News.MN

ᠦᠨᠳᠦᠰᠦᠨ ᠦ ᠡᠪᠦᠯ ᠦᠨ ᠰᠫᠣᠷᠲ ᠤᠨ ᠨᠠᠭᠠᠳᠤᠮ 18-20  ᠳᠦ ᠪᠣᠯᠤᠨ᠎ᠠ

ᠮᠣᠩᠭᠣᠯᠴᠤᠳ ᠤᠨ ᠥᠨᠢ ᠡᠷᠲᠡᠨ ᠦ ᠲᠡᠦᠬᠡ ᠲᠡᠢ ᠦᠨᠳᠦᠰᠦᠨ ᠦ ᠤᠯᠠᠮᠵᠢᠯᠠᠯᠲᠤ ᠰᠫᠣᠷᠲ ᠢ ᠬᠥᠭᠵᠢᠭᠦᠯᠬᠦ᠂ ᠶᠣᠰᠣ ᠵᠠᠩᠰᠢᠯ᠂ ᠰᠤᠶᠤᠯ ᠤᠨ ᠥᠪ ᠢ ᠵᠠᠯᠠᠭᠤᠰ ᠲᠤ ᠥᠪᠯᠡᠭᠦᠯᠬᠦ ᠵᠣᠷᠢᠯᠭ᠎ᠠ ᠶᠢ ᠠᠭᠤᠯᠤᠭᠰᠠᠨ ᠦᠨᠳᠦᠰᠦᠨ ᠦ ᠡᠪᠦᠯ ᠦᠨ ᠰᠫᠣᠷᠲ ᠤᠨ ᠳᠤᠯᠤᠳᠤᠭᠠᠷ ᠨᠠᠭᠠᠳᠤᠮ ᠤᠨ ᠲᠣᠪ ᠭᠠᠷᠤᠭᠰᠠᠨ ᠲᠠᠯ᠎ᠠ ᠪᠠᠷ ᠪᠢᠳᠡ ᠡᠮᠦᠨ᠎ᠡ ᠨᠢ ᠮᠡᠳᠡᠭᠡᠯᠡᠭᠰᠡᠨ᠃
ᠳᠤᠯᠤᠳᠤᠭᠠᠷ ᠨᠠᠭᠠᠳᠤᠮ ᠤᠨ ᠡᠪᠦᠯ ᠦᠨ ᠲᠦᠷᠦᠯ ᠦᠨ ᠲᠡᠮᠡᠴᠡᠭᠡᠨ ᠨᠦᠭᠦᠳ ᠬᠤᠶᠠᠳᠤᠭᠠᠷ ᠰᠠᠷ᠎ᠠ ᠶᠢᠨ 18-20  ᠳᠦ ᠤᠯᠠᠭᠠᠨᠪᠠᠭᠠᠲᠤᠷ  ᠬᠤᠲᠠᠨ᠎ᠠ ᠵᠣᠬᠢᠶᠠᠨ ᠪᠠᠢᠭᠤᠯᠤᠭᠳᠠᠨ᠎ᠠ᠃ ᠮᠦᠰᠦᠨ ᠦ ᠱᠠᠭᠠᠢ ᠶᠢᠨ ᠬᠠᠷᠪᠤᠭ᠎ᠠ ᠪᠣᠯᠤᠨ ᠮᠥᠰᠦᠨ ᠰᠤᠷ ᠬᠠᠷᠪᠤᠭᠠᠨ ᠤ  ᠲᠦᠷᠦᠯ ᠦᠨ ᠲᠡᠮᠡᠴᠡᠭᠡᠨ ᠨᠦᠭᠦᠳ ᠲᠦ 21  ᠠᠢᠮᠠᠭ 9 ᠳᠡᠭᠦᠷᠭᠡ ᠡᠴᠡ ᠰᠢᠯᠭᠠᠷᠠᠭᠰᠠᠨ ᠰᠢᠯᠢᠳᠡᠭ ᠲᠠᠮᠢᠷᠴᠢᠳ ᠴᠡᠴᠡ ᠮᠡᠷᠭᠡᠨ ᠢᠶᠡᠨ ᠰᠣᠷᠢᠨ ᠥᠷᠢᠰᠦᠯᠳᠦᠨ᠎ᠡ᠃

ᠰᠡᠳᠬᠢᠭᠳᠡᠯ ᠦᠯᠡᠳᠡᠭᠡᠬᠦ