ᠬᠥᠪᠰᠥᠭᠥᠯ ᠠᠶᠢᠮᠠᠭ ᠤᠨ 18 ᠰᠤᠮᠤᠨ ᠳᠤ ᠪᠢᠰᠢᠯᠠᠭ ᠤᠨ ᠦᠢᠯᠡᠳᠪᠦᠷᠢ ᠪᠠᠶᠢᠭᠤᠯᠤᠨ᠎ᠠ | News.MN

ᠬᠥᠪᠰᠥᠭᠥᠯ ᠠᠶᠢᠮᠠᠭ ᠤᠨ 18 ᠰᠤᠮᠤᠨ ᠳᠤ ᠪᠢᠰᠢᠯᠠᠭ ᠤᠨ ᠦᠢᠯᠡᠳᠪᠦᠷᠢ ᠪᠠᠶᠢᠭᠤᠯᠤᠨ᠎ᠠ

ᠬᠥᠪᠰᠥᠭᠥᠯ ᠠᠶᠢᠮᠠᠭ ᠨᠢ ᠤᠯᠤᠰ ᠲᠤ ᠪᠠᠨ ᠮᠠᠯ ᠰᠦᠷᠦᠭ ᠢᠶᠡᠷ ᠢᠶᠡᠨ ᠲᠡᠷᠢᠭᠦᠯᠡᠳᠡᠭ ᠬᠥᠳᠡᠭᠡ ᠠᠵᠤ ᠠᠬᠤᠢ ᠶᠢᠨ ᠪᠦᠲᠦᠭᠡᠭᠳᠡᠬᠦᠨ ᠦ ᠦᠢᠯᠡᠳᠪᠤᠷᠢ ᠬᠥᠭᠵᠢᠭᠦᠯᠬᠦ ᠪᠦᠷᠢᠨ ᠪᠣᠯᠤᠮᠵᠢ ᠲᠠᠢ ᠨᠤᠲᠤᠭ᠃ ᠥᠩᠭᠡᠷᠡᠭᠰᠡᠨ ᠣᠨ ᠳᠤ ᠬᠥᠪᠰᠥᠭᠥᠯ ᠠᠶᠢᠮᠠᠭ ᠤᠨ ᠭᠠᠯᠲᠤ᠂ ᠵᠢᠷᠭᠠᠯᠠᠩᠲᠤ᠂ ᠴᠠᠭᠠᠨ-ᠠᠭᠤᠯᠠ᠂  ᠷᠢᠨᠴᠢᠨᠯᠾᠦ᠋ᠮᠪᠤ᠂ ᠴᠠᠭᠠᠨ-ᠡᠭᠦᠷ᠂ ᠶᠡᠬᠡ-ᠠᠭᠤᠯᠠ᠂ ᠷᠠᠰᠢᠶᠠᠨᠲᠤ᠂ ᠲᠣᠰᠣᠨᠴᠡᠩᠭᠡᠯ ᠵᠡᠷᠭᠡ ᠨᠠᠢ᠌ᠮᠠᠨ ᠰᠤᠮᠤᠨ ᠳᠤ ᠪᠢᠰᠢᠯᠠᠭ ᠤᠨ ᠦᠢᠯᠡᠳᠪᠦᠷᠢ ᠪᠠᠶᠢᠭᠤᠯᠬᠤ ᠳᠦᠷᠪᠡᠨ ᠲᠡᠷᠪᠤᠮ ᠲᠥᠭᠥᠷᠢᠭ ᠢ ᠤᠯᠤᠰ ᠤᠨ ᠲᠥᠰᠥᠪ ᠲᠦ ᠲᠤᠰᠬᠠᠭᠰᠠᠨ ᠪᠢᠯᠡ᠃

ᠬᠠᠷᠢᠨ ᠡᠨᠡ ᠣᠨ ᠳᠤ ᠨᠡᠮᠡᠵᠦ ᠠᠯᠠᠭ- ᠡᠷᠳᠡᠨᠢ᠂ ᠠᠷᠤᠪᠤᠯᠠᠭ᠂ᠪᠦᠷᠢᠨᠲᠤᠭᠲᠠᠬᠤ᠂ ᠲᠡᠮᠦᠷᠪᠤᠯᠠᠭ᠂ ᠲᠦᠨᠡᠯ᠂ ᠲᠠᠷᠢᠶᠠᠯᠠᠩ᠂ ᠤᠯᠠᠭᠠᠨ-ᠠᠭᠤᠯᠠ᠂ ᠴᠡᠴᠡᠷᠯᠢᠭ᠂ ᠰᠢᠨ᠎ᠡ-ᠢᠳᠡᠷ᠂  ᠡᠷᠳᠡᠨᠢᠪᠤᠯᠠᠭᠠᠨ ᠵᠡᠷᠭᠡ 10 ᠰᠤᠮᠤᠨ ᠳᠤ ᠪᠢᠰᠢᠯᠠᠭ ᠤᠨ ᠦᠢᠯᠡᠳᠪᠦᠷᠢ ᠪᠠᠶᠢᠭᠤᠯᠬᠤ ᠲᠠᠪᠤᠨ ᠲᠡᠷᠪᠤᠮ ᠲᠥᠭᠥᠷᠢᠭ ᠢ ᠤᠯᠤᠰ ᠤᠨ ᠲᠥᠰᠥᠪ ᠲᠦ ᠲᠤᠰᠬᠠᠭᠠᠳ ᠪᠤᠢ᠃ ᠣᠷᠣᠨ ᠨᠤᠲᠤᠭ ᠲᠤ ᠪᠢᠰᠢᠯᠠᠭ ᠤᠨ ᠦᠢᠯᠡᠳᠪᠦᠷᠢ ᠪᠤᠢ ᠪᠣᠯᠤᠭᠰᠠᠨ ᠢᠶᠠᠷ ᠮᠠᠯᠴᠢᠳ ᠴᠠᠭᠠᠨ ᠢᠳᠡᠭᠡ ᠪᠡᠨ ᠪᠣᠯᠪᠠᠰᠤᠷᠠᠭᠤᠯᠤᠨ ᠳᠣᠲᠣᠭᠠᠳᠤ ᠪᠣᠯᠤᠨ ᠭᠠᠳᠠᠭᠠᠳᠤ ᠵᠠᠬ᠎ᠠ ᠵᠡᠭᠡᠯᠢ ᠳᠦ ᠪᠣᠷᠣᠯᠠᠭᠤᠯᠬᠤ ᠪᠣᠯᠵᠤ ᠪᠥᠷᠢᠳᠦᠨ᠎ᠡ ᠭᠡᠳᠡᠭ ᠢ ᠬᠥᠪᠰᠥᠭᠥᠯ ᠠᠶᠢᠮᠠᠭ ᠤᠨ ᠬᠦᠨᠡᠰᠦ ᠬᠥᠳᠡᠭᠡ ᠠᠵᠤ ᠠᠬᠤᠢ ᠶᠢᠨ ᠭᠠᠵᠠᠷ ᠤᠨ ᠳᠠᠷᠤᠭ᠎ᠠ ᠶᠠ᠊ ∙ ᠡᠷᠬᠢᠮᠪᠠᠶᠠᠷ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ