ᠡ᠊∙ᠠᠮᠤᠷᠲᠦ᠋ᠪᠰᠢᠨ ᠪᠸᠯᠭᠢ ᠶᠢᠨ ᠸᠠᠩᠲᠤ ᠤᠯᠤᠰ ᠤᠨ ᠲᠢᠶᠠᠲ᠋ᠷ ᠲᠤ ᠳᠠᠭᠤᠯᠠᠨ᠎ᠠ | News.MN

ᠡ᠊∙ᠠᠮᠤᠷᠲᠦ᠋ᠪᠰᠢᠨ ᠪᠸᠯᠭᠢ ᠶᠢᠨ ᠸᠠᠩᠲᠤ ᠤᠯᠤᠰ ᠤᠨ ᠲᠢᠶᠠᠲ᠋ᠷ ᠲᠤ ᠳᠠᠭᠤᠯᠠᠨ᠎ᠠ

ᠳᠡᠯᠡᠬᠡᠢ ᠶᠢᠨ ᠰᠣᠩᠭᠣᠳᠠᠭ ᠤᠷᠠᠯᠢᠭ ᠲᠤ ᠮᠣᠩᠭᠣᠯ ᠬᠡᠮᠡᠬᠦ ᠨᠡᠷ᠎ᠡ ᠶᠢ ᠴᠤᠤᠷᠢᠶᠠᠲᠤᠭᠤᠯᠤᠨ ᠶᠠᠪᠤᠭ᠎ᠠ ᠪᠠᠷᠢᠲ᠋ᠣᠨ ᠪᠣᠯ ᠠᠷᠠᠳ ᠤᠨ ᠵᠦᠴᠦᠭᠡᠴᠢᠨ ᠡ᠊∙ᠠᠮᠤᠷᠲᠦ᠋ᠪᠰᠢᠨ᠃ ᠲᠡᠭᠡᠪᠡᠯ ᠲᠡᠷᠡᠪᠡᠷ ᠢᠷᠡᠬᠦ ᠰᠠᠷ᠎ᠠ ᠶᠢᠨ 3᠂ 5᠂ 8᠂ 11᠂ 13  ᠤ ᠡᠳᠦᠷ ᠦᠳ ᠲᠦ ᠪᠸᠯᠭᠢ ᠶᠢᠨ ᠸᠠᠩᠲᠤ ᠤᠯᠤᠰ ᠤᠨ  ᠯᠸᠶ᠋ᠸᠵ ᠦᠨ ᠬᠠᠭᠠᠨ ᠤ ᠲᠢᠶᠠᠲ᠋ᠷ ᠲᠤ ᠵ ∙ ᠸᠸᠷᠳ᠋ ᠦᠨ 《 ᠷᠢᠭᠤᠯᠧᠲᠲ᠋ᠤ᠋》ᠳᠠᠭᠤᠷᠢ ᠶᠢᠨ ᠷᠢᠭᠤᠯᠧᠲᠲ᠋ᠤ᠋ ᠶᠢᠨ ᠳᠦᠷᠢ ᠳᠦ ᠳᠠᠭᠤᠯᠠᠬᠤ ᠪᠠᠷ ᠪᠣᠯᠤᠭᠰᠠᠨ ᠪᠠᠶᠢᠨ᠎ᠠ᠃ ᠡ᠊ ∙ᠠᠮᠤᠷᠲᠦ᠋ᠪᠰᠢᠨ ᠡᠮᠦᠨ᠎ᠡ ᠨᠢ  ᠢᠲ᠋ᠠᠯᠢ ᠶᠢᠨ ᠬᠠᠮᠤᠭ ᠤᠨ ᠡᠷᠲᠡᠨ ᠦ ᠲᠠᠶᠢᠰᠠ ᠭᠡᠭᠳᠡᠳᠡᠭ ᠠᠷᠧᠨᠠ  ᠳ᠋ᠸ ᠸᠧᠷᠤᠨᠠ ᠳᠦ《ᠷᠢᠭᠤᠯᠧᠲᠲ᠋ᠤ᠋》ᠳᠠᠭᠤᠷᠢ  ᠳᠦ ᠳᠠᠭᠤᠯᠠᠵᠤ ᠪᠠᠶᠢᠭᠰᠠᠨ ᠶᠤᠮ᠃  ᠲᠡᠷᠡ ᠦᠶ᠎ᠡ ᠳᠦ  ᠢᠲ᠋ᠠᠯᠢ ᠶᠢᠨ ᠬᠡᠪᠯᠡᠯ ᠳᠦ 《ᠭᠣᠣᠯ ᠳᠦᠷᠢ ᠳᠦ ᠨᠢ ᠠᠩᠬ᠎ᠠ ᠤᠳᠠᠭ᠎ᠠ ᠮᠣᠩᠭᠣᠯ ᠤᠯᠤᠰ ᠤᠨ ᠵᠠᠯᠠᠭᠤ ᠪᠠᠷᠢᠲ᠋ᠣᠨ᠂ ᠭᠠᠶᠢᠬᠠᠯᠲᠠᠢ ᠥᠭᠭᠥᠭᠳᠡᠯ ᠲᠡᠢ ᠳᠠᠭᠤᠴᠢᠨ ᠡᠩᠬᠡᠪᠠᠲᠤ ᠶᠢᠨ ᠠᠮᠤᠷᠲᠦ᠋ᠪᠰᠢᠨ︵ᠳᠥᠩᠭᠡᠵᠢ 30 ᠨᠠᠰᠤᠲᠠᠢ ᠪᠣᠯᠪᠠᠴᠤ︶ᠳᠠᠭᠤᠯᠠᠭᠰᠠᠨ ᠨᠢ ᠲᠤᠰ ᠳᠦᠷᠢ ᠶᠢᠨ ᠨᠢᠭᠤᠴᠠ ᠳᠠᠯᠳᠠ ᠰᠠᠨᠠᠭ᠎ᠠ᠂ ᠣᠨᠴᠠᠯᠢᠭ ᠪᠣᠯᠭᠠᠨ ᠢ  ᠬᠡᠳᠦᠢᠨ ᠲᠠᠨᠢᠵᠤ ᠮᠡᠳᠡᠭᠰᠡᠨ ᠮᠡᠲᠦ ᠰᠠᠨᠠᠭᠳᠠᠯ᠎ᠠ᠃
ᠳᠠᠭᠤᠷᠢ ᠶᠢᠨ ᠭᠣᠣᠯ ᠳᠦᠷᠢ ᠶᠢᠨ ᠬᠠᠮᠤᠭ ᠤᠨ ᠵᠣᠪᠠᠵᠤ ᠰᠢᠨᠠᠯᠤᠭᠰᠠᠨ ᠬᠡᠰᠡᠭ ᠦᠳ ᠢ ᠲᠣᠳᠣᠳᠬᠠᠭᠰᠠᠨ ᠦᠭᠡ ᠬᠡᠯᠡᠯᠭᠡ᠂ ᠳᠠᠭᠤᠳᠠᠯᠭ᠎ᠠ ᠨᠢ ᠲᠡᠭᠦᠰ ᠪᠠᠶᠢᠭᠰᠠᠨ ᠪᠥᠭᠡᠳ ᠮᠠᠰᠢ ᠶᠡᠬᠡ ᠭᠠᠰᠢᠭᠤᠳᠠᠨ ᠡᠮᠭᠡᠨᠢᠵᠦ ᠪᠤᠢ ᠡᠴᠢᠭᠡ ᠬᠦᠮᠦᠨ ᠦ ᠳᠦᠷᠢ ᠶᠢ ᠭᠠᠶᠢᠬᠠᠯᠲᠠᠢ ᠪᠦᠲᠦᠭᠡᠵᠦ᠂ ᠦᠵᠡᠭᠴᠢᠳ ᠦᠨ ᠲᠠᠯᠠᠷᠬᠠᠯ ᠢ ᠬᠦᠯᠢᠶᠡᠨ᠂ ᠨᠢᠵᠢᠭᠢᠨᠡᠭᠰᠡᠨ ᠠᠯᠠᠭ ᠲᠠᠰᠢᠯᠲᠠ ᠶᠢ ᠵᠦᠢ ᠶᠣᠰᠣᠭᠠᠷ ᠬᠦᠷᠲᠡᠯ᠎ᠡ ᠬᠡᠮᠡᠨ ᠪᠢᠴᠢᠵᠦ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ