《ᠰᠡᠳᠬᠢᠯ ᠳᠦ ᠬᠠᠷᠪᠤᠭᠰᠠᠨ ᠲᠤᠶᠠᠭ᠎ᠠ》ᠺᠢᠨᠣ᠋ ᠡᠨᠡ ᠰᠠᠷ᠎ᠠ ᠶᠢᠨ 18  ᠳᠦ ᠨᠡᠭᠡᠭᠡᠯᠲᠡ ᠪᠡᠨ ᠬᠢᠨ᠎ᠡ | News.MN

《ᠰᠡᠳᠬᠢᠯ ᠳᠦ ᠬᠠᠷᠪᠤᠭᠰᠠᠨ ᠲᠤᠶᠠᠭ᠎ᠠ》ᠺᠢᠨᠣ᠋ ᠡᠨᠡ ᠰᠠᠷ᠎ᠠ ᠶᠢᠨ 18  ᠳᠦ ᠨᠡᠭᠡᠭᠡᠯᠲᠡ ᠪᠡᠨ ᠬᠢᠨ᠎ᠡ

《ᠰᠡᠳᠬᠢᠯ ᠳᠦ ᠬᠠᠷᠪᠤᠭᠰᠠᠨ ᠲᠤᠶᠠᠭ᠎ᠠ》ᠤᠷᠠᠨ ᠰᠠᠶᠢᠬᠠᠨ ᠤ ᠺᠢᠨᠣ᠋ ᠡᠨᠡ ᠰᠠᠷ᠎ᠠ ᠶᠢᠨ 18  ᠳᠦ ᠦᠵᠡᠭᠴᠢᠳ ᠦᠨ ᠬᠦᠷᠲᠡᠭᠡᠯ ᠪᠣᠯᠤᠨ᠎ᠠ᠃ ᠤᠭ ᠺᠢᠨᠤ᠋ ᠶᠢᠨ ᠤᠷᠢᠳᠴᠢᠯᠠᠭᠰᠠᠨ ᠦᠵᠡᠯᠭᠡ ᠶᠢ ᠰᠠᠷ᠎ᠠ ᠣᠷᠴᠢᠮ ᠤᠨ ᠡᠮᠦᠨ᠎ᠡ ᠬᠢᠭᠰᠡᠨ ᠪᠠ ᠤᠷᠠᠯᠢᠭ ᠰᠤᠳᠤᠯᠤᠭᠠᠴᠢ᠂ ᠮᠡᠷᠭᠡᠵᠢᠯᠲᠡᠳ ᠢ ᠤᠷᠢᠵᠤ ᠰᠢᠭᠦᠮᠵᠢ᠂ ᠰᠡᠳᠬᠢᠭᠳᠡᠯ ᠢ ᠨᠢ ᠰᠣᠨᠣᠰᠤᠭᠰᠠᠨ ᠶᠤᠮ᠃
ᠺᠢᠷᠭᠢᠽᠢ ᠶᠢᠨ ᠠᠯᠳᠠᠷᠲᠤ ᠵᠣᠬᠢᠶᠠᠯᠴᠢ ᠮ∙ᠪᠠᠢᠳ᠋ᠵᠢᠶ᠋ᠸ ᠤᠨ 1968 ᠣᠨ ᠳᠤ ᠪᠢᠴᠢᠭᠰᠡᠨ 《ᠳ᠋ᠦᠸ᠋ᠸᠯ》 ᠵᠦᠴᠦᠭᠡ ᠡᠴᠡ ᠰᠡᠳᠦᠪᠯᠡᠭᠰᠡᠨ 《ᠰᠡᠳᠬᠢᠯ ᠳᠦ ᠬᠠᠷᠪᠤᠭᠰᠠᠨ ᠲᠤᠶᠠᠭ᠎ᠠ》ᠤᠷᠠᠨ ᠰᠠᠶᠢᠬᠠᠨ ᠤ ᠺᠢᠨᠤ᠋ ᠶᠢ ᠦᠵᠡᠬᠦ ᠳᠦ ᠵᠣᠬᠢᠶᠠᠯ ᠳᠣᠲᠣᠷ᠎ᠠ᠂ ᠵᠦᠴᠦᠭᠡ ᠶᠢᠨ ᠨᠢᠭᠡ ᠬᠡᠰᠡᠭ ᠲᠦ ᠣᠷᠣᠭᠰᠠᠨ ᠮᠡᠲᠦ ᠪᠣᠳᠠᠲᠤ ᠮᠡᠳᠡᠷᠡᠮᠵᠢ ᠶᠢ ᠲᠥᠷᠥᠭᠦᠯᠬᠦ ᠠᠵᠤ᠃ ᠤᠭ ᠪᠦᠲᠦᠭᠡᠯ ᠢ ᠺᠢᠨᠣ᠋ ᠪᠣᠯᠭᠠᠬᠤ ᠪᠠᠷ ᠠᠯᠪᠠᠨ ᠶᠣᠰᠣᠨ ᠤ ᠵᠥᠪᠰᠢᠶᠡᠷᠡᠯ ᠢ ᠵᠣᠬᠢᠶᠠᠯᠴᠢ ᠠᠴᠠ ᠨᠢ ᠠᠪᠴᠤ᠂ ᠡᠶᠢᠨᠬᠦᠦ《ᠱᠠᠩᠰᠠ》ᠠᠭᠧᠨᠲᠯᠢᠭ ᠤᠨ 20 ᠵᠢᠯ ᠦᠨ ᠣᠢ ᠪᠣᠯᠤᠨ ᠤᠷᠠᠯᠢᠭ ᠤᠨ ᠭᠠᠪᠢᠶᠠᠲᠤ ᠵᠢᠳᠬᠦᠯᠲᠡᠨ ᠳ∙ᠮᠠᠮᠠᠬᠦᠦ ᠠᠭᠰᠠᠨ ᠤ ᠭᠡᠭᠡᠨ ᠳᠤᠷᠠᠰᠬᠠᠯ ᠳᠤ ᠵᠣᠷᠢᠭᠤᠯᠵᠤ ᠦᠵᠡᠭᠴᠢᠳ ᠦᠨ ᠬᠦᠷᠲᠡᠭᠡᠯ ᠪᠣᠯᠭᠠᠵᠤ ᠪᠤᠢ ᠶᠤᠮ᠃

ᠰᠡᠳᠬᠢᠭᠳᠡᠯ ᠦᠯᠡᠳᠡᠭᠡᠬᠦ