2021 ᠣᠨ ᠳᠤ 5981 ᠬᠠᠪᠤᠳᠠᠷ ᠢᠶᠠᠷ ᠤᠨᠤᠰᠢᠯᠠᠭᠳᠠᠵᠠᠢ | News.MN

2021 ᠣᠨ ᠳᠤ 5981 ᠬᠠᠪᠤᠳᠠᠷ ᠢᠶᠠᠷ ᠤᠨᠤᠰᠢᠯᠠᠭᠳᠠᠵᠠᠢ

ᠵᠣᠩᠬᠢᠯᠠᠨ ᠲᠣᠬᠢᠶᠠᠯᠳᠣᠬᠤ ᠬᠠᠯᠳᠠᠪᠤᠷᠢᠲᠤ ᠪᠣᠯᠤᠨ ᠬᠠᠯᠳᠠᠪᠤᠷᠢᠲᠤ ᠪᠤᠰᠤ ᠡᠪᠡᠳᠴᠢᠨ ᠡᠴᠡ ᠤᠷᠢᠳᠴᠢᠯᠠᠨ ᠰᠡᠷᠭᠡᠶᠢᠯᠡᠬᠦ᠂ ᠡᠷᠲᠡ ᠢᠯᠡᠷᠡᠭᠦᠯᠬᠦ ᠦᠵᠡᠯᠭᠡ ᠣᠨᠣᠰᠢᠯᠠᠭ᠎ᠠ᠂ ᠰᠢᠨᠵᠢᠯᠡᠭᠡᠨ ᠳᠦ ᠨᠡᠶᠢᠲᠡ ᠬᠦᠮᠦᠨ ᠠᠮᠠ ᠶᠢ ᠬᠠᠮᠤᠷᠤᠭᠤᠯᠬᠤ ᠲᠠᠯ᠎ᠠ ᠪᠠᠷ ᠡᠷᠡᠭᠦᠯ ᠮᠡᠨᠳᠦ ᠶᠢᠨᠶᠠᠮᠤᠨ ᠥᠩᠭᠡᠷᠡᠭᠰᠡᠨ ᠪᠢᠮᠪᠠ ᠭᠠᠷᠠᠭ ᠲᠤ ᠰᠡᠳᠬᠦᠯᠴᠢᠳ ᠲᠦ ᠮᠡᠳᠡᠭᠡᠯᠡᠯ ᠥᠭᠭᠦᠭᠰᠡᠨ ᠶᠤᠮ᠃
ᠮᠣᠩᠭᠣᠯ ᠤᠯᠤᠰ ᠲᠤ 2021 ᠣᠨ ᠳᠤ 5981 ᠬᠠᠪᠤᠳᠠᠷ ᠢᠶᠠᠷ ᠣᠨᠣᠰᠢᠯᠠᠭᠳᠠᠵᠤ᠂ 4559 ᠬᠦᠮᠦᠨ ᠬᠣᠣᠷᠲᠤ ᠬᠠᠪᠤᠳᠠᠷ ᠤᠨ ᠤᠯᠠᠮ ᠠᠴᠠ ᠬᠣᠷᠸ᠎ᠠ ᠶᠢ ᠤᠷᠬᠢᠪᠠ᠃ ᠬᠠᠪᠤᠳᠠᠷ ᠢᠶᠠᠷ ᠡᠪᠡᠳᠴᠢᠯᠡᠭᠰᠡᠨ ᠬᠦᠮᠦᠰ ᠦᠨ 72.5 ᠬᠤᠪᠢ ᠨᠢ ᠬᠣᠵᠢᠭᠤ ᠱᠠᠲᠤᠨ ᠳᠤ ᠪᠠᠨ ᠣᠨᠣᠰᠢᠯᠠᠭᠳᠠᠵᠤ᠂ ᠡᠭᠦᠨ ᠦ 60 ᠬᠤᠪᠢ ᠨᠢ ᠣᠨᠣᠰᠢ ᠲᠣᠭᠲᠠᠭᠠᠭᠳᠠᠭᠰᠠᠨ ᠠᠴᠠ ᠬᠣᠶᠢᠰᠢ ᠨᠢᠭᠡ ᠵᠢᠯ ᠬᠦᠷᠬᠦ ᠦᠭᠡᠢ ᠬᠤᠭᠤᠴᠠᠭᠠᠨ ᠳᠤ ᠠᠮᠢᠳᠤᠷᠠᠭᠠᠳ ᠨᠠᠰᠤ  ᠪᠠᠷᠠᠵᠤ ᠪᠠᠶᠢᠨ᠎ᠠ ᠭᠡᠰᠡᠨ ᠬᠠᠷᠠᠮᠰᠠᠯᠲᠠᠢ ᠲᠣᠭᠠᠨ ᠮᠡᠳᠡᠭᠡ ᠶᠢ ᠬᠠᠯᠳᠠᠪᠤᠷᠢ ᠰᠤᠳᠤᠯᠤᠯ ᠤᠨ ᠦᠨᠳᠦᠰᠦᠨ ᠦ ᠲᠥᠪ ᠦᠨ ᠪᠦᠷᠢᠳᠬᠡᠯ ᠲᠠᠩᠳᠠᠯᠲᠠ᠂ ᠡᠷᠲᠡ ᠢᠯᠡᠷᠡᠭᠦᠯᠭᠡ ᠶᠢᠨ ᠠᠯᠪᠠᠨ ᠤ ᠳᠠᠷᠤᠭ᠎ᠠ ᠲ ∙ ᠤᠨᠳᠤᠷᠤᠮ᠎ᠠ ᠲᠠᠨᠢᠯᠴᠠᠭᠤᠯᠪᠠ᠃
ᠮᠠᠨ ᠤ ᠤᠯᠤᠰ ᠲᠤ 100 ᠮᠢᠩᠭᠠᠨ ᠬᠦᠮᠦᠨ ᠠᠮᠠ ᠲᠤᠲᠤᠮ ᠳᠤ 229 ᠬᠦᠮᠦᠨ ᠬᠣᠣᠷᠲᠤ ᠬᠠᠪᠤᠳᠠᠷ ᠢᠶᠠᠷ ᠡᠪᠡᠳᠴᠢᠯᠡᠵᠦ ᠪᠠᠶᠢᠭ᠎ᠠ ᠪᠠ ᠡᠨᠡ ᠡᠪᠡᠳᠴᠢᠨ ᠳᠤ ᠥᠷᠲᠥᠵᠦ ᠪᠤᠢ ᠢᠷᠭᠡᠳ ᠦᠨ 80 ᠬᠤᠪᠢ ᠨᠢ 45  ᠠᠴᠠ ᠳᠡᠭᠡᠭᠰᠢ ᠨᠠᠰᠤᠨ ᠤ ᠬᠢᠨ ᠪᠠᠶᠢᠨ᠎ᠠ᠃ ᠤᠯᠤᠰ ᠤᠨ ᠬᠡᠮᠵᠢᠶᠡᠨ ᠳᠦ 24 ᠮᠢᠩᠭᠠᠨ ᠬᠦᠮᠦᠨ ᠬᠣᠣᠷᠲᠤ ᠬᠠᠪᠤᠳᠠᠷ ᠤᠨ ᠰᠢᠯᠲᠠᠭᠠᠨ ᠢᠶᠠᠷ ᠬᠠᠯᠳᠠᠪᠤᠷᠢ ᠰᠤᠳᠤᠯᠤᠯ ᠤᠨ ᠦᠨᠳᠦᠰᠦᠨ ᠦ ᠲᠥᠪ ᠦᠨ ᠬᠢᠨᠠᠯᠲᠠ ᠳᠤ ᠡᠮᠴᠢᠯᠡᠭᠡ᠂ ᠲᠤᠰᠠᠯᠠᠮᠵᠢ ᠪᠠᠨ ᠠᠪᠤᠭᠠᠳ ᠶᠠᠪᠤᠵᠤ ᠪᠠᠶᠢᠨ᠎ᠠ᠃

ᠰᠡᠳᠬᠢᠭᠳᠡᠯ ᠦᠯᠡᠳᠡᠭᠡᠬᠦ