ᠬᠢᠲᠠᠳ ᠤᠨ ᠬᠥᠭᠵᠢᠯ ᠰᠢᠨᠡᠴᠢᠯᠡᠯ ᠦᠨᠬᠤᠷᠢᠶᠠᠨ ᠤ ᠬᠢᠨ ᠲᠠᠢ ᠥᠨᠥᠳᠥᠷ ᠠᠭᠤᠯᠵᠠᠨ᠎ᠠ | News.MN

ᠬᠢᠲᠠᠳ ᠤᠨ ᠬᠥᠭᠵᠢᠯ ᠰᠢᠨᠡᠴᠢᠯᠡᠯ ᠦᠨᠬᠤᠷᠢᠶᠠᠨ ᠤ ᠬᠢᠨ ᠲᠠᠢ ᠥᠨᠥᠳᠥᠷ ᠠᠭᠤᠯᠵᠠᠨ᠎ᠠ

ᠮᠣᠩᠭᠣᠯ ᠤᠯᠤᠰ ᠤᠨ ᠶᠡᠷᠦᠩᠬᠡᠢ ᠰᠠᠶᠢᠳ ᠤᠨ ᠬᠢᠲᠠᠳ ᠲᠤ ᠬᠢᠭᠰᠡᠨ ᠠᠵᠢᠯ ᠤᠨ ᠠᠶᠢᠯᠴᠢᠯᠠᠯ ᠤᠨ ᠦᠶ᠎ᠡ ᠪᠡᠷ ᠮᠠᠨ ᠤ ᠤᠯᠤᠰ ᠲᠤ ᠬᠡᠷᠡᠭᠵᠢᠭᠦᠯᠬᠦ ᠳᠡᠳ᠋ ᠪᠦᠲᠦᠴᠡ ᠶᠢᠨ ᠬᠡᠳᠦ ᠬᠡᠳᠦᠨ ᠲᠣᠮᠣᠬᠠᠨ ᠲᠥᠰᠥᠯ ᠦᠨ ᠲᠠᠯ᠎ᠠ ᠪᠠᠷ ᠬᠣᠶᠠᠷ ᠲᠠᠯ᠎ᠠ ᠲᠣᠬᠢᠷᠠᠯᠴᠠᠭᠰᠠᠨ᠃ ᠰᠠᠩ ᠤᠨ ᠶᠠᠮᠤᠨ ᠪᠣᠯᠤᠨ ᠡᠳ᠋ ᠤᠨ ᠵᠠᠰᠠᠭ ᠤᠨ ᠬᠥᠭᠵᠢᠯ ᠦᠨ ᠶᠠᠮᠤᠨ ᠤ ᠠᠵᠢᠯ ᠤᠨ ᠬᠡᠰᠡᠭ ᠬᠢᠲᠠᠳ ᠤᠨ ᠦᠨᠳᠦᠰᠦᠨ ᠦ ᠬᠥᠭᠵᠢᠯ ᠰᠢᠨᠡᠴᠢᠯᠡᠯ ᠦᠨ  ᠬᠤᠷᠢᠶᠠᠨ ᠤ ᠬᠢᠨ ᠲᠠᠢ ᠴᠠᠬᠢᠮ ᠢᠶᠠᠷ ᠠᠭᠤᠯᠵᠠᠨ᠎ᠠ᠃

ᠥᠨᠥᠳᠥᠷ ᠦᠨ ᠠᠭᠤᠯᠵᠠᠯᠲᠠ ᠡᠨᠡ ᠰᠠᠷ᠎ᠠ ᠶᠢᠨ ᠰᠡᠭᠦᠯ ᠪᠣᠯᠤᠨ ᠢᠷᠡᠬᠦ ᠰᠠᠷ᠎ᠠ ᠶᠢᠨ ᠡᠬᠢ ᠪᠡᠷ ᠲᠣᠪᠯᠠᠭᠳᠠᠭᠠᠳ ᠪᠠᠶᠢᠭᠰᠠᠨ ᠴᠤ ᠬᠣᠶᠠᠷ ᠲᠠᠯ᠎ᠠ ᠠᠭᠤᠯᠵᠠᠯᠲᠠ ᠶᠢ ᠨᠠᠭᠠᠰᠢᠯᠠᠭᠤᠯᠤᠨ ᠥᠨᠥᠳᠥᠷ ᠬᠢᠬᠦ ᠪᠡᠷ ᠪᠣᠯᠤᠭᠠᠳ ᠪᠠᠶᠢᠨ᠎ᠠ᠃ ᠬᠢᠲᠠᠳ ᠤᠨ ᠲᠠᠯ᠎ᠠ ᠮᠣᠩᠭᠣᠯ ᠤᠯᠤᠰ ᠠᠴᠠ ᠳᠡᠪᠰᠢᠭᠦᠯᠵᠦ ᠪᠤᠢ ᠲᠥᠰᠥᠯ ᠦᠳ ᠨᠢ ᠮᠣᠩᠭᠣᠯ᠂ ᠣᠷᠣᠰ᠂ ᠬᠢᠲᠠᠳ ᠭᠤᠷᠪᠠᠨ ᠤᠯᠤᠰ ᠤᠨ ᠡᠳ᠋  ᠦᠨ ᠵᠠᠰᠠᠭ ᠤᠨ ᠺᠣᠷᠢᠳᠣᠷ ᠢ ᠪᠦᠲᠦᠭᠡᠨ ᠪᠠᠶᠢᠭᠤᠯᠬᠤ᠂ ᠮᠣᠩᠭᠣᠯ᠂ ᠬᠢᠲᠠᠳ ᠤᠨ ᠡᠷᠦᠳᠡᠰᠦ ᠪᠠᠶᠠᠯᠢᠭ᠂ ᠡᠷᠴᠢᠮ ᠬᠦᠴᠦ᠂ ᠳᠡᠳ᠋ ᠪᠦᠲᠦᠴᠡ ᠶᠢᠨ ᠰᠠᠯᠪᠤᠷᠢ ᠶᠢᠨ ᠬᠠᠮᠲᠤ ᠶᠢᠨ ᠠᠵᠢᠯᠯᠠᠭᠠᠨ ᠤ ᠬᠦᠷᠢᠶ᠎ᠡ ᠪᠣᠯᠤᠨ 《ᠪᠥᠰᠡ ᠪᠠ ᠵᠠᠮ》ᠰᠠᠨᠠᠭᠠᠴᠢᠯᠠᠭ᠎ᠠ ᠲᠠᠢ ᠲᠤᠰ ᠲᠤᠰ ᠤᠶᠠᠯᠳᠤᠵᠤ ᠪᠠᠶᠢᠭ᠎ᠠ ᠶᠢ ᠲᠡᠮᠳᠡᠭᠯᠡᠵᠦ ᠳᠡᠭᠡᠷᠡᠬᠢ ᠲᠥᠰᠥᠯ ᠦᠳ ᠢ ᠬᠠᠮᠲᠤᠷᠠᠨ ᠬᠡᠷᠡᠭᠵᠢᠭᠦᠯᠬᠦ ᠪᠣᠯᠤᠮᠵᠢ ᠶᠢ ᠰᠤᠳᠤᠯᠵᠤ᠂ ᠳᠡᠮᠵᠢᠨ ᠠᠵᠢᠯᠯᠠᠬᠤ ᠪᠠᠨ ᠢᠯᠡᠷᠬᠡᠶᠢᠯᠡᠭᠰᠡᠨ ᠶᠤᠮ᠃

ᠰᠡᠳᠬᠢᠭᠳᠡᠯ ᠦᠯᠡᠳᠡᠭᠡᠬᠦ