ᠮᠣᠩᠭᠣᠯ ᠵᠠᠯᠠᠭᠤᠰ ᠮᠧᠲ᠋ᠠᠧᠷᠰ ᠸᠢᠷᠲ᠋ᠤᠸᠠᠯ ᠦᠳᠡᠰᠢᠯᠡᠭᠡ ᠬᠢᠯ᠎ᠡ | News.MN

ᠮᠣᠩᠭᠣᠯ ᠵᠠᠯᠠᠭᠤᠰ ᠮᠧᠲ᠋ᠠᠧᠷᠰ ᠸᠢᠷᠲ᠋ᠤᠸᠠᠯ ᠦᠳᠡᠰᠢᠯᠡᠭᠡ ᠬᠢᠯ᠎ᠡ

ᠢᠨᠲᠸᠷᠨᠧᠲ ᠬᠥᠭᠵᠢᠯ ᠦᠨ ᠳᠠᠷᠠᠭ᠎ᠠ ᠶᠢᠨ ᠦᠶ᠎ᠡ ᠭᠡᠭᠳᠡᠭᠡᠳ ᠪᠤᠢ ᠮᠧᠲ᠋ᠠᠧᠷᠰ 3D ᠸᠢᠷᠲ᠋ᠤᠸᠠᠯ ᠶᠢᠷᠲᠢᠨᠴᠦ ᠳᠦ ᠪᠢᠳᠡ ᠢᠷᠡᠭᠡᠳᠦᠢ ᠳᠦ ᠬᠣᠭᠣᠷᠣᠨᠳᠣ ᠪᠠᠨ ᠬᠠᠷᠢᠯᠴᠠᠵᠤ᠂ ᠲᠣᠭᠯᠠᠵᠤ᠂ ᠳᠡᠯᠭᠡᠭᠦᠷ ᠬᠡᠰᠦᠵᠦ᠂ ᠠᠵᠢᠯ ᠢᠶᠠᠨ ᠬᠢᠵᠦ ᠠᠮᠢᠳᠤᠷᠠᠨ᠎ᠠ ᠭᠡᠵᠦ ᠦᠵᠡᠵᠦ ᠪᠠᠶᠢᠭ᠎ᠠ᠃ ᠲᠡᠭᠡᠪᠡᠯ ᠵᠥᠩᠨᠡᠯᠲᠦ ᠺᠢᠨᠣ᠋᠂ ᠵᠣᠬᠢᠶᠠᠯ ᠳᠤ ᠯᠠ ᠭᠠᠷᠳᠠᠭ ᠪᠠᠶᠢᠭᠰᠠᠨ ᠢᠷᠡᠭᠡᠳᠦᠢ ᠶᠢᠨ ᠲᠥᠰᠥᠭᠡᠯᠡᠯ ᠢ 2 ᠰᠠᠷ᠎ᠠ ᠶᠢᠨ 14  ᠳᠦ ᠮᠣᠩᠭᠣᠯ ᠵᠠᠯᠠᠭᠤᠰ ᠲᠤᠷᠰᠢᠵᠤ ᠦᠵᠡᠵᠡᠢ᠃ ᠲᠧᠭᠨᠣᠯᠣᠭᠢ ᠶᠢᠨ ᠳᠡᠪᠰᠢᠯ ᠢ ᠦᠷᠭᠦᠯᠵᠢ ᠲᠦᠷᠦᠭᠦᠯᠡᠵᠦ ᠨᠡᠪᠲᠡᠷᠡᠭᠦᠯᠵᠦ᠂ ᠮᠡᠳᠡᠷᠡᠭᠦᠯᠳᠡᠭ ᠶᠦᠨᠢᠲᠸᠯ ᠦᠨ ᠵᠠᠯᠠᠭᠤᠰ ᠭᠡᠭᠡᠨ ᠬᠠᠶᠢᠷ᠎ᠠ ᠶᠢᠨ ᠡᠳᠦᠷ ᠲᠦ ᠵᠣᠷᠢᠭᠤᠯᠤᠨ ᠠᠩᠬᠠᠨ ᠤ ᠮᠧᠲ᠋ᠠᠧᠷᠰ ᠸᠢᠷᠲ᠋ᠤᠸᠠᠯ ᠶᠢᠷᠲᠢᠨᠴᠦ ᠳᠦ ᠲᠠᠨᠢᠯᠴᠠᠬᠤ᠂ ᠬᠥᠭᠵᠢᠯᠳᠦᠬᠦ U&Me ᠨᠡᠷ᠎ᠡ ᠲᠡᠢ ᠸᠢᠷᠲ᠋ᠤᠸᠠᠯ ᠦᠳᠡᠰᠢᠯᠡᠭᠡ ᠬᠢᠵᠡᠢ᠃
ᠡᠨᠡ ᠬᠦ ᠦᠳᠡᠰᠢᠯᠡᠭᠡ ᠳᠦ ᠤᠷᠤᠯᠴᠠᠬᠤ ᠵᠠᠯᠠᠭᠤᠰ ᠥᠪᠡᠷᠰᠡᠳ ᠦᠨ ᠠᠷᠠᠰᠤᠨ ᠤ ᠥᠩᠭᠡ᠂ ᠦᠰᠦ ᠵᠠᠰᠠᠯᠲᠠ᠂ ᠡᠮᠥᠰᠬᠦ ᠬᠤᠪᠴᠠᠰᠤ᠂ ᠰᠲ᠋ᠢᠯᠢ ᠪᠡᠨ ᠰᠣᠩᠭᠣᠨ 3D ᠳᠦᠷᠢ ᠪᠡᠨ ᠪᠦᠲᠦᠭᠡᠨ ᠬᠦᠮᠦᠰ ᠲᠡᠢ ᠲᠠᠨᠢᠯᠴᠠᠵᠤ᠂ ᠶᠠᠷᠢᠯᠴᠠᠵᠤ᠂ ᠲᠠᠭᠠᠯᠠᠭᠳᠠᠭᠰᠠᠨ ᠬᠦᠮᠦᠨ ᠳᠦ ᠪᠡᠨ ᠪᠡᠯᠡᠭ ᠪᠡᠯᠡᠭᠯᠡᠨ ᠬᠠᠮᠲᠤ ᠳᠤ ᠪᠠᠨ ᠲᠣᠭᠯᠠᠵᠤ᠂ ᠪᠦᠵᠢᠭᠯᠡᠵᠦ᠂ stand up ᠺᠣᠮᠧᠳᠢ ᠰᠣᠨᠣᠰᠴᠤ᠂ ᠠᠮᠢᠳᠤ ᠬᠥᠭᠵᠢᠮ ᠦᠨ ᠲᠣᠭᠯᠠᠯᠲᠠ ᠦᠵᠡᠵᠦ ᠥᠩᠭᠡᠷᠡᠭᠦᠯᠦᠭᠰᠡᠨ᠃ ᠮᠧᠲ᠋ᠠᠧᠷᠰ ᠨᠢ ᠬᠣᠯᠠ ᠶᠢᠨ ᠢᠷᠡᠭᠡᠳᠦᠢ ᠶᠢᠨ ᠲᠥᠰᠥᠭᠡᠯᠡᠯ ᠪᠢᠰᠢ ᠶᠠᠭ ᠣᠳᠣ ᠢᠳᠡᠪᠬᠢᠲᠡᠢ ᠪᠡᠷ ᠡᠭᠦᠰᠴᠦ᠂ ᠪᠠᠷᠢᠭᠳᠠᠵᠤ ᠪᠠᠶᠢᠭ᠎ᠠ ᠴᠠᠬᠢᠮ ᠶᠢᠷᠲᠢᠨᠴᠦ ᠶᠤᠮ᠃ ᠲᠡᠷᠡ ᠴᠤ ᠤᠳᠬ᠎ᠠ ᠪᠠᠷ Balenciaga᠂ Uniqlo ᠪᠷᠠᠨᠳ᠋ ᠤᠳ ᠸᠢᠷᠲ᠋ᠤᠸᠠᠯ ᠶᠢᠷᠲᠢᠨᠴᠦ  ᠳᠤ ᠬᠤᠪᠴᠠᠰᠤᠨ ᠤ ᠰᠢᠨ᠎ᠡ ᠵᠠᠭᠪᠤᠷ ᠢᠶᠠᠨ ᠲᠠᠨᠢᠯᠴᠠᠭᠤᠯᠵᠤ᠂ ᠬᠤᠳᠠᠯᠳᠤᠭ᠎ᠠ ᠦᠢᠯᠡᠴᠢᠯᠡᠭᠡᠨ ᠦ ᠲᠥᠪ ᠦᠳ ᠦᠢᠯᠡ ᠠᠵᠢᠯᠯᠠᠭ᠎ᠠ ᠪᠠᠨ ᠡᠬᠢᠯᠡᠭᠦᠯᠦᠨ᠂ Chipotle ᠲᠦᠷᠭᠡᠨ ᠬᠣᠭᠣᠯᠠᠨ ᠤ ᠭᠠᠵᠠᠷ ᠰᠠᠯᠪᠤᠷᠢ ᠪᠠᠨ ᠨᠡᠭᠡᠭᠡᠵᠦ᠂ Ferrari ᠪᠣᠳᠠᠲᠤ ᠶᠢᠷᠲᠢᠨᠴᠦ ᠳᠤ ᠲᠠᠨᠢᠯᠴᠠᠭᠤᠯᠤᠭ᠎ᠠ ᠦᠭᠡᠢ ᠰᠢᠨ᠎ᠡ ᠵᠠᠭᠪᠤᠷ ᠤᠨ ᠮᠠᠰᠢᠨ ᠢᠶᠠᠨ ᠳ᠋ᠢᠵᠢᠲ᠋ᠠᠯ ᠶᠢᠷᠲᠢᠨᠴᠦ ᠳᠤ ᠭᠠᠷᠭᠠᠭᠰᠠᠨ᠃

ᠰᠡᠳᠬᠢᠭᠳᠡᠯ ᠦᠯᠡᠳᠡᠭᠡᠬᠦ