ᠺᠠᠨᠠᠳᠠ ᠪᠣᠯᠤᠨ ᠠᠦᠢᠰᠲᠷᠠᠯᠢᠶ᠎ᠠ ᠶᠢᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ Kincora Copper ᠺᠣᠮᠫᠠᠨᠢ ᠥᠪᠡᠷ ᠦᠨ ᠡᠵᠡᠮᠰᠢᠯ ᠦᠨ Tourmaline Hills ᠬᠠᠶᠢᠭᠤᠯ ᠤᠨ ᠲᠤᠰᠬᠠᠢ ᠵᠥᠪᠰᠢᠶᠡᠷᠡᠯ ᠦᠨ ᠲᠠᠯᠠᠪᠠᠢ ᠳᠤ 《ᠰᠢᠲᠦᠭᠡᠨ》ᠣᠷᠳᠣ ᠶᠢᠨ ᠬᠤᠢᠳᠤ ᠬᠡᠰᠡᠭ ᠪᠠᠭᠲᠠᠵᠤ ᠪᠠᠶᠢᠭ᠎ᠠ ᠶᠢ ᠲᠣᠭᠲᠠᠭᠠᠭᠰᠠᠨ ᠪᠠᠶᠢᠨ᠎ᠠ᠃ ᠲᠡᠭᠦᠨ ᠳᠦ ᠬᠡᠳᠦ ᠬᠡᠳᠦᠨ ᠫᠤᠷᠹᠢᠷ ᠤᠨ ᠵᠡᠰ ᠪᠠᠭᠲᠠᠵᠤ ᠪᠠᠶᠢᠭ᠎ᠠ ᠠᠵᠠᠢ᠃
ᠲᠡᠭᠦᠨᠴᠢᠯᠡᠨ Resilience Mining Mongolia ᠺᠣᠮᠫᠠᠨᠢ ᠲᠠᠢ ᠪᠠᠶᠢᠭᠤᠯᠤᠭᠰᠠᠨ ᠭᠡᠷ᠎ᠡ ᠪᠡᠨ ᠰᠤᠩᠭᠠᠭᠰᠠᠨ ᠪᠠᠶᠢᠨ᠎ᠠ᠃ ᠲᠠᠯ᠎ᠠ ᠨᠤᠭᠤᠳ ᠥᠩᠭᠡᠷᠡᠭᠰᠡᠨ ᠣᠨ ᠤ ᠵᠢᠷᠭᠤᠳᠤᠭᠠᠷ ᠰᠠᠷ᠎ᠠ ᠳᠤ ᠬᠠᠮᠲᠤᠷᠠᠭᠰᠠᠨ ᠺᠣᠮᠫᠠᠨᠢ ᠪᠠᠶᠢᠭᠤᠯᠤᠭᠰᠠᠨ ᠶᠤᠮ᠃ ᠮᠥᠨ Resilience Mining Mongolia ᠺᠣᠮᠫᠠᠨᠢ ᠡᠨᠡ ᠣᠨ ᠤ ᠳᠥᠷᠪᠡᠳᠦᠭᠡᠷ ᠰᠠᠷ᠎ᠠ ᠶᠢᠨ ᠭᠤᠴᠢᠨ ᠳᠦ ᠪᠠᠭᠲᠠᠵᠤ᠂ ᠠᠦᠢᠰᠲᠷᠠᠯᠢᠶ᠎ᠠ ᠶᠢᠨ ᠬᠥᠷᠥᠩᠭᠡ ᠶᠢᠨ ᠪᠢᠷᠵᠢ ᠳᠦ 7.5-10 ᠰᠠᠶ᠎ᠠ ᠠᠦᠢᠰᠲᠷᠠᠯᠢᠶ᠎ᠠ ᠳ᠋ᠣᠯᠯᠠᠷ ᠲᠠᠲᠠᠨ ᠲᠥᠪᠯᠡᠷᠡᠭᠦᠯᠬᠦ ᠪᠡᠷ ᠲᠥᠯᠥᠪᠯᠡᠵᠦ ᠪᠠᠶᠢᠨ᠎ᠠ᠃
Kincora Copper ᠺᠣᠮᠫᠠᠨᠢ 34.4 ᠺᠢᠯᠣᠮᠧᠲ᠋ᠷ ᠺᠠᠸᠠᠳ᠋ᠷᠠᠲ ᠲᠠᠯᠠᠪᠠᠢ ᠶᠢ ᠬᠠᠮᠤᠷᠤᠭᠰᠠᠨ《ᠬᠦᠷᠡᠯ ᠦᠨᠡᠭᠡ》 ᠠᠰᠢᠭᠯᠠᠯᠲᠠ ᠶᠢᠨ ᠲᠤᠰᠬᠠᠢ ᠵᠥᠪᠰᠢᠶᠡᠷᠡᠯ ᠢ 100 ᠬᠤᠪᠢ ᠡᠵᠡᠮᠰᠢᠳᠡᠭ᠃ ᠮᠥᠨ 246.5 ᠺᠢᠯᠣᠮᠧᠲ᠋ᠷ ᠺᠠᠸᠠᠳ᠋ᠷᠠᠲ ᠲᠠᠯᠠᠪᠠᠢ ᠪᠦᠬᠦᠢ Tourmaline Hills ᠬᠠᠶᠢᠭᠤᠯ ᠤᠨ ᠲᠤᠰᠬᠠᠢ ᠵᠥᠪᠰᠢᠶᠡᠷᠡᠯ ᠢ 100 ᠬᠤᠪᠢ ᠡᠵᠡᠮᠰᠢᠳᠡᠭ᠃ ᠡᠨᠡ ᠬᠦ ᠲᠠᠯᠠᠪᠠᠢ ᠳᠤ ᠪᠠᠭᠲᠠᠵᠤ ᠪᠤᠢ 《ᠰᠢᠲᠦᠭᠡᠨ》ᠣᠷᠳᠣ ᠶᠢᠨ ᠬᠤᠢᠳᠤ ᠬᠡᠰᠡᠭ ᠲᠦ ᠭᠧᠣᠯᠣᠭᠢ᠂ ᠭᠧᠣᠬᠢᠮᠢ᠂ ᠭᠧᠣᠹᠢᠽᠢᠺ ᠤᠨ ᠰᠤᠳᠤᠯᠭᠠᠨ ᠨᠤᠭᠤᠳ ᠢ ᠬᠢᠭᠰᠡᠨ ᠪᠠᠶᠢᠨ᠎ᠠ᠃