ᠬᠦᠷᠦᠩᠭᠡ ᠶᠢᠨ ᠪᠢᠷᠵᠢ 5.4 ᠲᠡᠷᠪᠤᠮᠲᠦᠭᠦᠷᠢᠭ ᠤᠨ ᠦᠢᠯᠡ ᠠᠵᠢᠯᠯᠠᠭᠠᠨ ᠤ ᠣᠷᠣᠯᠭ᠎ᠠ ᠲᠠᠢ ᠠᠵᠢᠯᠯᠠᠭᠰᠠᠨ | News.MN

ᠬᠦᠷᠦᠩᠭᠡ ᠶᠢᠨ ᠪᠢᠷᠵᠢ 5.4 ᠲᠡᠷᠪᠤᠮᠲᠦᠭᠦᠷᠢᠭ ᠤᠨ ᠦᠢᠯᠡ ᠠᠵᠢᠯᠯᠠᠭᠠᠨ ᠤ ᠣᠷᠣᠯᠭ᠎ᠠ ᠲᠠᠢ ᠠᠵᠢᠯᠯᠠᠭᠰᠠᠨ

ᠮᠣᠩᠭᠣᠯ ᠤᠨ ᠬᠥᠷᠥᠩᠭᠡ ᠶᠢᠨ ᠪᠢᠷᠵᠢ 2021 ᠣᠨ ᠳᠤ 5.4 ᠲᠡᠷᠪᠤᠮ ᠲᠥᠭᠥᠷᠢᠭ ᠦᠨ ᠦᠢᠯᠡ ᠠᠵᠢᠯᠯᠠᠭᠠᠨ ᠤ ᠣᠷᠣᠯᠭ᠎ᠠ ᠲᠠᠢ ᠠᠵᠢᠯᠯᠠᠭᠰᠠᠨ ᠪᠠᠶᠢᠨ᠎ᠠ᠃ ᠡᠨᠡ ᠨᠢ ᠡᠮᠦᠨᠡᠬᠢ ᠣᠨ ᠠᠴᠠ 4.9 ᠳᠠᠬᠢᠨ ᠥᠰᠦᠭᠰᠡᠨ ᠦᠵᠡᠭᠦᠯᠦᠯᠲᠡ ᠪᠣᠯᠤᠭᠰᠠᠨ ᠪᠠᠶᠢᠨ᠎ᠠ᠃ 2020 ᠣᠨ ᠳᠤ ᠨᠢᠭᠡ ᠲᠡᠷᠪᠤᠮ ᠲᠥᠭᠥᠷᠢᠭ ᠦᠨ ᠠᠯᠳᠠᠭᠳᠠᠯ ᠬᠦᠯᠢᠶᠡᠵᠦ ᠪᠠᠶᠢᠭᠰᠠᠨ ᠪᠣᠯ ᠥᠩᠭᠡᠷᠡᠭᠰᠡᠨ ᠣᠨ ᠳᠤ 3.1 ᠲᠡᠷᠪᠤᠮ ᠲᠥᠭᠥᠷᠢᠭ ᠦᠨ ᠴᠡᠪᠡᠷ ᠠᠰᠢᠭ ᠲᠠᠢ ᠠᠵᠢᠯᠯᠠᠭᠰᠠᠨ ᠪᠠᠶᠢᠨ᠎ᠠ᠃
2021 ᠣᠨ ᠳᠤ ᠬᠥᠷᠥᠩᠭᠡ ᠶᠢᠨ ᠵᠠᠬ᠎ᠠ ᠵᠡᠭᠡᠯᠢ ᠶᠢᠨ ᠦᠨᠡᠯᠡᠭᠡ᠂ ᠠᠷᠠᠯᠵᠢᠶᠠᠨ ᠤ ᠬᠡᠮᠵᠢᠶ᠎ᠡ᠂ ᠲᠣᠫ 20 ᠢᠨᠳᠧᠺᠰ᠂ ᠰᠢᠨ᠎ᠡ ᠪᠡᠷ ᠪᠦᠷᠢᠳᠬᠡᠭᠦᠯᠦᠭᠰᠡᠨ ᠦᠨᠡᠲᠦ ᠴᠠᠭᠠᠰᠤᠨ ᠤ ᠲᠣᠭ᠎ᠠ ᠵᠡᠷᠭᠡ ᠬᠥᠷᠥᠩᠭᠡ ᠶᠢᠨ ᠪᠢᠷᠵᠢ ᠶᠢᠨ ᠭᠣᠣᠯ ᠦᠵᠡᠭᠦᠯᠦᠯᠲᠡ ᠨᠦᠭᠦᠳ 30 ᠵᠢᠯ ᠦᠨ ᠲᠡᠦᠬᠡᠨ ᠳᠡᠭᠡᠳᠦ ᠦᠵᠡᠭᠦᠯᠦᠯᠲᠡ  ᠳᠤ ᠬᠦᠷᠴᠡᠢ᠃ Bloomberg  ᠮᠣᠩᠭᠣᠯ ᠤᠨ ᠬᠥᠷᠥᠩᠭᠡ ᠶᠢᠨ ᠪᠢᠷᠵᠢ  ᠶᠢ ᠳᠡᠯᠡᠬᠡᠢ ᠶᠢᠨ ᠬᠠᠮᠤᠭ ᠤᠨ ᠥᠨᠳᠥᠷ ᠥᠰᠦᠯᠲᠡ ᠲᠡᠢ ᠵᠠᠬ᠎ᠠ ᠵᠡᠭᠡᠯᠢ ᠪᠡᠷ ᠣᠨᠴᠠᠯᠠᠵᠠᠢ᠃ ᠶᠡᠬᠡ  ᠪᠷᠢᠲ᠋ᠠᠨ ᠤFTSE Russell ᠭᠷᠦ᠋ᠪ ᠮᠣᠩᠭᠣᠯ ᠤᠨ ᠬᠥᠷᠥᠩᠭᠡ ᠶᠢᠨ ᠵᠠᠬ᠎ᠠ ᠵᠡᠭᠡᠯᠢ ᠶᠢ 2021 ᠣᠨ ᠤ ᠶᠢᠰᠦᠳᠦᠭᠡᠷ ᠰᠠᠷ᠎ᠠ ᠳᠤ ᠬᠥᠭᠵᠢᠵᠦ ᠪᠤᠢ ᠵᠠᠬ᠎ᠠ ᠵᠡᠭᠡᠯᠢ ᠶᠢᠨ ᠠᠵᠢᠭᠯᠠᠯᠲᠠ ᠶᠢᠨ ᠵᠢᠭᠰᠠᠭᠠᠯᠲᠠ ᠳᠦ ᠣᠷᠣᠭᠤᠯᠤᠭᠰᠠᠨ ᠶᠤᠮ᠃

ᠰᠡᠳᠬᠢᠭᠳᠡᠯ ᠦᠯᠡᠳᠡᠭᠡᠬᠦ