ᠴᠢᠩᠭᠢᠰ ᠬᠠᠭᠠᠨ ᠮᠦᠽᠧᠢ ᠶᠢᠨᠮᠡᠷᠭᠡᠵᠢᠯᠲᠡᠳ ᠣᠯᠠᠨ ᠤᠯᠤᠰ ᠤᠨ ᠮᠦᠽᠧᠢ ᠶᠢᠨ ᠵᠥᠪᠯᠡᠯ ᠳᠤ ᠨᠢᠭᠡᠳᠴᠡᠢ | News.MN

ᠴᠢᠩᠭᠢᠰ ᠬᠠᠭᠠᠨ ᠮᠦᠽᠧᠢ ᠶᠢᠨᠮᠡᠷᠭᠡᠵᠢᠯᠲᠡᠳ ᠣᠯᠠᠨ ᠤᠯᠤᠰ ᠤᠨ ᠮᠦᠽᠧᠢ ᠶᠢᠨ ᠵᠥᠪᠯᠡᠯ ᠳᠤ ᠨᠢᠭᠡᠳᠴᠡᠢ

ICOM ᠪᠤᠶᠤ ᠣᠯᠠᠨ ᠤᠯᠤᠰ ᠤᠨ ᠮᠦᠽᠧᠢ ᠶᠢᠨ ᠵᠥᠪᠯᠡᠯ ᠨᠢ U NESCO ᠦᠨ ᠡᠳ᠋  ᠦᠨ ᠵᠠᠰᠠᠭ ᠨᠡᠶᠢᠭᠡᠮ ᠤᠨ ᠵᠥᠪᠯᠡᠯ ᠦᠨ ᠳᠡᠷᠭᠡᠳᠡᠬᠢ A ᠵᠡᠷᠭᠡᠯᠡᠯ ᠦᠨ ᠰᠲ᠋ᠠᠲ᠋ᠦ᠋ᠰ ᠲᠠᠢ᠂ ᠳᠡᠯᠡᠬᠡᠢ ᠶᠢᠨ ᠪᠠᠶᠢᠭᠠᠯᠢ᠂ ᠰᠤᠶᠤᠯ ᠤᠨ ᠪᠡᠶᠡᠲᠦ᠂ ᠪᠡᠶᠡᠲᠦ ᠪᠤᠰᠤ ᠥᠪ ᠰᠠᠩ ᠢ ᠬᠠᠳᠠᠭᠠᠯᠠᠬᠤ᠂ ᠬᠠᠮᠠᠭᠠᠯᠠᠬᠤ᠂ ᠬᠥᠭᠵᠢᠭᠦᠯᠬᠦ ᠦᠢᠯᠡ ᠠᠵᠢᠯᠯᠠᠭ᠎ᠠ ᠡᠷᠬᠢᠯᠡᠳᠡᠭ᠂ ᠹᠷᠠᠨᠼᠢ ᠶᠢᠨ ᠨᠡᠶᠢᠰᠯᠡᠯ ᠫᠠᠷᠢᠰ ᠬᠤᠲᠠᠨ᠎ᠠ ᠲᠥᠪ ᠲᠡᠢ ᠪᠠᠶᠢᠭᠤᠯᠤᠯᠭ᠎ᠠ ᠶᠤᠮ᠃ ᠲᠡᠭᠡᠪᠡᠯ ᠴᠢᠩᠭᠢᠰ ᠬᠠᠭᠠᠨ ᠮᠦᠽᠧᠢ ᠶᠢᠨ ᠮᠡᠷᠭᠡᠵᠢᠯᠲᠡᠳ ᠡᠨᠡ ᠰᠠᠷ᠎ᠠ ᠶᠢᠨ 10  ᠳᠦ ᠲᠡᠭᠦᠨ ᠦ ᠭᠡᠰᠢᠭᠦᠨ ᠢᠶᠡᠷ ᠡᠯᠰᠡᠵᠦ᠂ ᠦᠨᠡᠮᠯᠡᠬᠦ ᠪᠡᠨ ᠭᠠᠷᠳᠠᠨ ᠠᠪᠤᠭᠰᠠᠨ ᠪᠠᠶᠢᠨ᠎ᠠ᠃

ICOM ᠨᠢ 1946 ᠣᠨ ᠳᠤ ᠪᠠᠶᠢᠭᠤᠯᠤᠭᠳᠠᠭᠰᠠᠨ ᠪᠥᠭᠡᠳ 2021 ᠣᠨ ᠤ ᠪᠠᠶᠢᠳᠠᠯ ᠢᠶᠠᠷ 142 ᠣᠷᠣᠨ ᠤ 49000 ᠮᠦᠽᠧᠢ ᠶᠢᠨ ᠮᠡᠷᠭᠡᠵᠢᠯᠲᠡᠨ ᠢ ᠡᠩᠨᠡᠭᠡᠨ ᠳᠦ ᠪᠡᠨ ᠨᠢᠭᠡᠳᠬᠡᠭᠡᠳ ᠪᠠᠶᠢᠭ᠎ᠠ ᠶᠤᠮ᠃ ICOM  ᠦᠨ ᠮᠣᠩᠭᠣᠯ ᠳ᠋ᠡᠬᠢ ᠦᠨᠳᠦᠰᠦᠨ ᠦ ᠬᠣᠷᠢᠶᠠᠨ ᠤ ᠲᠡᠷᠢᠭᠦᠨ ᠢᠶᠡᠷ ᠳ᠋ᠣᠺᠲ᠋ᠣᠷ᠂ ᠳᠡᠳ᠋ ᠫᠷᠣᠹᠧᠰᠰᠣᠷ ᠳ∙ᠪᠤᠮᠠ ᠠᠵᠢᠯᠯᠠᠳᠠᠭ᠃ 2021 ᠣᠨ ᠳᠤ 33 ᠭᠡᠰᠢᠭᠦᠨ ᠲᠡᠢ ᠪᠠᠶᠢᠭᠰᠠᠨ ᠮᠣᠩᠭᠣᠯ ᠳ᠋ᠡᠬᠢ ᠦᠨᠳᠦᠰᠦᠨ ᠦ ᠬᠣᠷᠢᠶ᠎ᠠ ᠨᠡᠶᠢᠲᠡ 77 ᠭᠡᠰᠢᠭᠦᠨ ᠲᠡᠢ ᠪᠣᠯᠵᠤ ᠬᠦᠷᠢᠶ᠎ᠡ ᠪᠡᠨ ᠲᠡᠯᠡᠵᠡᠢ᠃

ᠰᠡᠳᠬᠢᠭᠳᠡᠯ ᠦᠯᠡᠳᠡᠭᠡᠬᠦ