《ᠠᠯᠲᠠᠢ ᠶᠢᠨ ᠮᠠᠭᠲᠠᠭᠠᠯ》᠂《ᠨᠠᠷᠠᠨ ᠬᠥᠪᠡᠭᠦᠨ ᠬᠠᠭᠠᠨ》ᠲᠤᠤᠯᠢ ᠬᠠᠶᠢᠯᠠᠯ᠎ᠠ | News.MN

《ᠠᠯᠲᠠᠢ ᠶᠢᠨ ᠮᠠᠭᠲᠠᠭᠠᠯ》᠂《ᠨᠠᠷᠠᠨ ᠬᠥᠪᠡᠭᠦᠨ ᠬᠠᠭᠠᠨ》ᠲᠤᠤᠯᠢ ᠬᠠᠶᠢᠯᠠᠯ᠎ᠠ

ᠮᠣᠩᠭᠣᠯ ᠤᠯᠤᠰ ᠤᠨ ᠶᠡᠷᠦᠩᠬᠡᠶᠢᠯᠡᠭᠴᠢ ᠮᠣᠩᠭᠣᠯ ᠲᠦᠮᠡᠨ ᠦ ᠪᠠᠬᠠᠷᠬᠠᠯᠲᠤ ᠥᠪ ᠰᠤᠶᠤᠯ᠂ ᠦᠶ᠎ᠡ ᠡᠴᠡ ᠦᠶ᠎ᠡ ᠳᠦ ᠤᠯᠠᠮᠵᠢᠯᠠᠭᠳᠠᠨ ᠢᠷᠡᠭᠰᠡᠨ ᠠᠮᠠᠨ ᠪᠢᠯᠢᠭ ᠦᠨ ᠡᠬᠡ ᠤᠨᠳᠤᠷᠭ᠎ᠠ ᠪᠣᠯᠤᠭᠰᠠᠨ ᠲᠤᠤᠯᠢᠰ ᠢᠶᠠᠨ ᠳᠡᠭᠡᠳᠦᠯᠡᠨ᠂ ᠳᠡᠯᠭᠡᠷᠡᠭᠦᠯᠬᠦ ᠵᠣᠷᠢᠯᠭ᠎ᠠ ᠪᠠᠷ 2019 ᠣᠨ ᠤ  ᠨᠢᠭᠡᠳᠦᠭᠡᠷ ᠰᠠᠷ᠎ᠠ ᠶᠢᠨ 29  ᠳᠦ《ᠮᠣᠩᠭᠣᠯ ᠪᠠᠭᠠᠲᠤᠷᠯᠢᠭ ᠲᠤᠤᠯᠢᠰ ᠢᠶᠠᠨ ᠳᠡᠭᠡᠳᠦᠯᠡᠨ ᠳᠡᠯᠭᠡᠷᠡᠭᠦᠯᠬᠦ ᠲᠤᠬᠠᠢ》 13 ᠳ᠋ᠤᠭᠠᠷ ᠵᠠᠷᠯᠢᠭ ᠭᠠᠷᠭᠠᠭᠰᠠᠨ ᠶᠤᠮ᠃
ᠪᠢᠯᠢᠭ ᠦᠨ ᠲᠣᠭᠠᠯᠠᠯ ᠤᠨ ᠠᠷᠪᠠᠨ ᠳᠤᠯᠤᠳᠤᠭᠠᠷ ᠵᠢᠷᠠᠨ ᠤ《ᠪᠤᠶᠠᠨ ᠦᠢᠯᠡᠳᠦᠭᠴᠢ》ᠬᠡᠮᠡᠬᠦ ᠤᠰᠤᠨ ᠪᠠᠷᠰ ᠵᠢᠯ ᠦᠨ ᠰᠠᠷ᠎ᠠ ᠰᠢᠨ᠎ᠡ ᠶᠢᠨ ᠪᠠᠶᠠᠷ ᠲᠤ ᠵᠣᠷᠢᠭᠤᠯᠤᠭᠰᠠᠨ ᠪᠠᠭᠠᠲᠤᠷᠯᠢᠭ ᠲᠤᠤᠯᠢ ᠬᠠᠶᠢᠯᠠᠬᠤ ᠶᠣᠰᠣᠯᠠᠯ ᠲᠥᠷᠥ ᠶᠢᠨ ᠶᠣᠰᠣᠯᠠᠯ᠂ ᠬᠦᠨᠳᠦᠳᠬᠡᠯ ᠦᠨ ᠥᠷᠭᠦᠭᠡᠨ ᠳᠦ ᠪᠤᠯᠵᠤ᠂ ᠪᠠᠶᠠᠨ-ᠠᠯᠲᠠᠢ ᠶᠢᠨ ᠤᠳᠤᠮ ᠤᠨ ᠳᠦᠷᠪᠡᠳᠡᠬᠢ ᠦᠶ᠎ᠡ ᠶᠢᠨ ᠲᠤᠤᠯᠢᠴᠢ ᠡ᠊∙ᠪᠠᠭᠠᠲᠤᠷᠵᠠᠪ᠂ ᠵᠢᠯᠬᠡᠷ ᠦᠨ ᠤᠳᠤᠮ ᠤᠨ ᠶᠢᠰᠦᠳᠡᠬᠢ ᠲᠤᠤᠯᠢᠴᠢ ᠠ᠊∙ ᠪᠠᠯᠳᠠᠨᠳᠣᠷᠵᠢ ᠨᠠᠷ 《ᠠᠯᠲᠠᠢ ᠶᠢᠨ ᠮᠠᠭᠲᠠᠭᠠᠯ》᠂ 《ᠨᠠᠷᠠᠨ ᠬᠥᠪᠡᠭᠦᠨ ᠬᠠᠭᠠᠨ》ᠲᠤᠤᠯᠢ ᠬᠠᠶᠢᠯᠠᠯ᠎ᠠ᠃

ᠮᠣᠩᠭᠣᠯ ᠤᠯᠤᠰ ᠤᠨ ᠠᠷᠠᠳ ᠤᠨ ᠪᠠᠭᠰᠢ ᠰ∙ᠳᠤᠯᠮ᠎ᠠ ᠲᠤᠤᠯᠢ ᠬᠠᠶᠢᠯᠠᠬᠤ ᠵᠠᠩ ᠦᠢᠯᠡ ᠪᠣᠯᠤᠨ《ᠨᠠᠷᠠᠨ ᠬᠥᠪᠡᠭᠦᠨ ᠬᠠᠭᠠᠨ》 ᠲᠤᠤᠯᠢ ᠶᠢᠨ ᠲᠠᠯ᠎ᠠ ᠪᠠᠷ ᠲᠣᠪᠴᠢ ᠲᠠᠨᠢᠯᠴᠠᠭᠤᠯᠵᠠᠢ᠃ ᠮᠣᠩᠭᠣᠯ ᠪᠠᠭᠠᠲᠤᠷᠯᠢᠭ ᠲᠤᠤᠯᠢ ᠶᠢ ᠬᠠᠶᠢᠯᠠᠬᠤ ᠶᠢᠨ ᠡᠮᠦᠨ᠎ᠡ ᠠᠯᠲᠠᠢ᠂ ᠬᠠᠩᠭᠠᠢ ᠶᠢ ᠬᠠᠶᠢᠯᠠᠵᠤ ᠮᠠᠭᠲᠠᠳᠠᠭ ᠤᠴᠢᠷᠲᠠᠢ᠃《ᠨᠠᠷᠠᠨ ᠬᠥᠪᠡᠭᠦᠨ ᠬᠠᠭᠠᠨ》ᠲᠤᠤᠯᠢ ᠶᠢ ᠵᠤᠳ ᠲᠤᠷᠬᠠᠨ᠂ ᠭᠠᠩ ᠭᠠᠴᠢᠭ᠂ ᠳᠠᠶᠢᠨ ᠳᠠᠵᠢᠨ ᠦᠭᠡᠢ᠂ ᠥᠨᠢ ᠲᠠᠷᠭᠤᠨ᠂ ᠡᠩᠬᠡ ᠠᠮᠤᠭᠤᠯᠠᠩ ᠪᠠᠶᠢᠬᠤ᠂ ᠬᠦᠮᠦᠨ᠂ ᠮᠠᠯ ᠥᠰᠴᠦ ᠦᠷᠡᠵᠢᠬᠦ᠂ ᠠᠶᠢᠯ ᠡᠷᠦᠬᠡ ᠳᠦ ᠦᠷ᠎ᠡ ᠶᠢᠨ ᠵᠠᠶᠠᠭ᠎ᠠ ᠬᠠᠶᠢᠷᠠᠯᠠᠬᠤ ᠶᠢ ᠢᠷᠦᠭᠡᠵᠦ ᠬᠠᠶᠢᠯᠠᠳᠠᠭ᠃ ᠲᠤᠤᠯᠢ ᠬᠠᠶᠢᠯᠠᠬᠤ ᠶᠣᠰᠣᠯᠠᠯ ᠳᠤ ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ᠂ ᠤᠯᠤᠰ ᠤᠨ ᠶᠡᠬᠡ ᠬᠤᠷᠠᠯ ᠤᠨ ᠳᠠᠷᠤᠭ᠎ᠠ ᠭ∙ᠽᠠᠨᠳᠠᠨᠰᠢᠲᠠᠷ᠎ᠠ᠂ ᠮᠣᠩᠭᠣᠯ ᠤᠯᠤᠰ ᠤᠨ ᠶᠡᠷᠦᠩᠬᠡᠢ ᠰᠠᠶᠢᠳ ᠯ∙ᠤᠶᠤᠡᠡᠷᠳᠡᠨᠢ ᠣᠷᠣᠯᠴᠠᠯ᠎ᠠ᠃

ᠰᠡᠳᠬᠢᠭᠳᠡᠯ ᠦᠯᠡᠳᠡᠭᠡᠬᠦ