《ᠭᠡᠮᠵᠢᠮ》ᠵᠦᠴᠦᠭᠡ ᠶᠢ ᠦᠵᠡᠭᠴᠢᠳ ᠦᠨ ᠬᠦᠰᠡᠯᠲᠡ ᠪᠡᠷ ᠳᠠᠬᠢᠨ ᠲᠣᠭᠯᠠᠨ᠎ᠠ | News.MN

《ᠭᠡᠮᠵᠢᠮ》ᠵᠦᠴᠦᠭᠡ ᠶᠢ ᠦᠵᠡᠭᠴᠢᠳ ᠦᠨ ᠬᠦᠰᠡᠯᠲᠡ ᠪᠡᠷ ᠳᠠᠬᠢᠨ ᠲᠣᠭᠯᠠᠨ᠎ᠠ

ᠣᠷᠣᠰ ᠤᠨ ᠨᠡᠷᠡᠲᠦ ᠵᠣᠬᠢᠶᠠᠯᠴᠢ ᠳ᠋ᠤᠰᠲ᠋ᠤᠶ᠋ᠸᠸᠢᠰᠺᠢ ᠶᠢᠨ ᠪᠦᠲᠦᠭᠡᠯ ᠥᠩᠭᠡᠷᠡᠭᠰᠡᠨ ᠣᠨ ᠳᠤ ᠠᠩᠬ᠎ᠠ ᠤᠳᠠᠭ᠎ᠠ ᠮᠣᠩᠭᠣᠯ ᠤᠨ ᠲᠢᠶᠠᠲ᠋ᠷ ᠤᠨ ᠲᠠᠶᠢᠰᠠᠨ᠎ᠠ 《ᠠᠮᠢᠯᠠᠭᠰᠠᠨ》᠃ ᠲᠤᠰ ᠫᠣᠰᠲ  ᠳ᠋ᠷᠠᠮ ᠤᠨ ᠵᠦᠴᠦᠭᠡ ᠨᠢ ᠲᠢᠶᠠᠲ᠋ᠷ ᠲᠤ ᠳᠤᠷᠠᠯᠠᠭᠴᠢᠳ ᠤᠨ ᠰᠡᠳᠬᠢᠯ ᠵᠢᠷᠦᠬᠡ ᠶᠢ ᠡᠵᠡᠮᠳᠡᠵᠦ ᠰᠤᠳᠤᠯᠤᠭᠠᠴᠢ ᠰᠢᠭᠦᠮᠵᠢᠯᠡᠭᠰᠡᠳ ᠡᠴᠡ ᠥᠨᠳᠥᠷ ᠦᠨᠡᠯᠡᠭᠡ ᠠᠪᠤᠭᠰᠠᠨ᠃ ᠲᠡᠭᠡᠪᠡᠯ 《ᠭᠡᠮ ᠵᠢᠮ》  ᠵᠦᠴᠦᠭᠡ ᠶᠢ ᠦᠵᠡᠭᠴᠢᠳ ᠦᠨ  ᠬᠦᠰᠡᠯᠲᠡ ᠪᠡᠷ ᠢᠷᠡᠬᠦ ᠭᠤᠷᠪᠠᠳᠤᠭᠠᠷ ᠰᠠᠷ᠎ᠠ ᠶᠢᠨ 3-27  ᠤ ᠡᠳᠦᠷ ᠦᠳ ᠲᠦ ᠳᠠᠬᠢᠨ ᠲᠣᠭᠯᠠᠬᠤ ᠪᠠᠷ ᠪᠣᠯᠵᠠᠢ᠃
ᠳ᠋ᠤᠰᠲ᠋ᠤᠶ᠋ᠸᠸᠢᠰᠺᠢ ᠶᠢᠨ ᠢᠵᠢᠯ ᠨᠡᠷᠡᠲᠦ ᠷᠣᠮᠠᠨ ᠢ ᠢᠷᠠᠭᠤ ᠨᠠᠶᠢᠷᠠᠭᠴᠢ᠂ ᠤᠳᠬ᠎ᠠ ᠵᠣᠬᠢᠶᠠᠯ ᠰᠤᠳᠤᠯᠤᠭᠠᠴᠢ ᠶᠠ᠊∙ᠪᠠᠶᠠᠷ ᠵᠦᠴᠦᠭᠡ ᠶᠢᠨ ᠵᠣᠬᠢᠶᠠᠯ ᠳᠤ ᠬᠥᠷᠪᠡᠭᠦᠯᠵᠦ᠂ ᠮ ∙ ᠪᠠᠲᠤᠪᠤᠯᠤᠳ ᠨᠠᠶᠢᠷᠠᠭᠤᠯᠤᠭᠰᠠᠨ ᠤᠭ ᠪᠦᠲᠦᠭᠡᠯ 《ᠣᠷᠣᠹᠧᠢ》 ᠲᠢᠶᠠᠲ᠋ᠷ ᠤᠨ ᠠᠩᠬᠠᠨ ᠤ ᠤᠷᠠᠨ ᠪᠦᠲᠦᠭᠡᠯ ᠪᠢᠯᠡ᠃

ᠰᠡᠳᠬᠢᠭᠳᠡᠯ ᠦᠯᠡᠳᠡᠭᠡᠬᠦ