ᠬᠦᠰᠡᠯ ᠦᠨ ᠬᠠᠳᠠ ᠣᠷᠴᠢᠮ ᠬᠣᠭ ᠦᠭᠡᠢ᠂ ᠴᠡᠪᠡᠷ ᠪᠠᠶᠢᠨ᠎ᠠ | News.MN

ᠬᠦᠰᠡᠯ ᠦᠨ ᠬᠠᠳᠠ ᠣᠷᠴᠢᠮ ᠬᠣᠭ ᠦᠭᠡᠢ᠂ ᠴᠡᠪᠡᠷ ᠪᠠᠶᠢᠨ᠎ᠠ

ᠰᠠᠷ᠎ᠠ ᠰᠢᠨ᠎ᠡ ᠶᠢᠨ ᠠᠮᠠᠷᠠᠯᠲᠠ ᠶᠢᠨ ᠡᠳᠦᠷ ᠦᠳ ᠲᠦ ᠴᠡᠪᠡᠷ ᠠᠭᠠᠷ ᠲᠤ ᠭᠠᠷᠴᠤ᠂ ᠬᠥᠪᠰᠥᠭᠥᠯ ᠨᠠᠭᠤᠷ᠂ ᠲᠡᠷᠡ ᠳᠤᠮᠳᠠ ᠪᠠᠨ ᠬᠦᠰᠡᠯ ᠦᠨ ᠬᠠᠳᠠ ᠶᠢ ᠮᠠᠰᠢ ᠣᠯᠠᠨ ᠢᠷᠭᠡᠳ ᠵᠣᠷᠢᠨ ᠣᠴᠢᠭᠰᠠᠨ᠃ ᠡᠮᠦᠨᠡᠬᠢ ᠵᠢᠯ ᠦᠳ ᠲᠦ ᠢᠷᠭᠡᠳ ᠰᠦ ᠴᠠᠢ ᠶᠢᠨ ᠳᠡᠭᠡᠵᠢ ᠪᠡᠨ ᠡᠷᠭᠦᠵᠦ ᠣᠶᠢᠷ᠎ᠠ ᠣᠷᠴᠢᠮ ᠢ ᠶᠡᠬᠡᠬᠡᠨ ᠪᠤᠬᠢᠷᠳᠤᠭᠤᠯᠳᠠᠭ ᠪᠠᠶᠢᠭᠰᠠᠨ ᠪᠣᠯ ᠡᠨᠡ ᠵᠢᠯ ᠶᠠᠮᠠᠷ ᠨᠢᠭᠡᠨ ᠬᠣᠭ ᠬᠠᠶᠠᠭᠳᠠᠯ ᠣᠷᠬᠢᠭ᠎ᠠ ᠦᠭᠡᠢ ᠬᠣᠭ ᠦᠭᠡᠢ ᠪᠠᠶᠢᠭᠠᠯᠢ ᠳᠡᠯᠡᠬᠡᠢ ᠳᠦ ᠪᠡᠨ ᠵᠥᠪ ᠵᠠᠯᠪᠠᠷᠢᠵᠤ ᠠᠶᠠᠯᠠᠭᠰᠠᠨ ᠪᠠᠶᠢᠨ᠎ᠠ᠃

ᠬᠥᠪᠰᠥᠭᠥᠯ ᠨᠠᠭᠤᠷ ᠤᠨ ᠵᠡᠭᠦᠨ ᠡᠷᠭᠢ ᠣᠷᠴᠢᠮ ᠠᠴᠠ ᠨᠠᠭᠤᠷ ᠤᠷᠤᠭᠤ ᠲᠦᠷᠢᠵᠦ ᠣᠷᠣᠭᠰᠠᠨ ᠬᠠᠳᠠᠨ ᠬᠣᠰᠢᠭᠤ ᠶᠢ ᠨᠤᠲᠤᠭ ᠤᠨ ᠢᠷᠭᠡᠳ ᠰᠣᠮᠣ ᠬᠠᠳᠠ ᠭᠡᠵᠦ ᠨᠡᠷᠡᠯᠡᠳᠡᠭ᠃  ᠲᠡᠨᠳᠡ ᠡᠪᠡᠰᠦ ᠬᠠᠳᠤᠯᠠᠩ ᠶᠡᠬᠡᠬᠡᠨ ᠤᠷᠭᠤᠳᠠᠭ ᠤᠴᠢᠷ ᠠᠴᠠ ᠨᠤᠲᠤᠭ ᠤᠨ ᠢᠷᠭᠡᠳ ᠴᠢᠯᠠᠭᠤ ᠣᠪᠣᠭ᠎ᠠ ᠪᠣᠰᠬᠠᠭᠰᠠᠨ ᠪᠠᠶᠢᠨ᠎ᠠ᠃ ᠬᠠᠷᠢᠨ ᠰᠡᠭᠦᠯ ᠦᠨ ᠦᠶ᠎ᠡ ᠳᠦ ᠬᠥᠪᠰᠥᠭᠥᠯ ᠨᠠᠭᠤᠷ ᠲᠤ ᠣᠴᠢᠭᠰᠠᠨ ᠬᠦᠮᠦᠰ ᠬᠦᠰᠡᠯ ᠢᠶᠡᠨ ᠰᠢᠪᠡᠨᠡᠨ᠂ ᠠᠵᠢᠯ ᠦᠢᠯᠡᠰ ᠢᠶᠡᠨ ᠳᠠᠭᠠᠳᠬᠠᠨ ᠣᠴᠢᠵᠤ ᠵᠠᠯᠪᠠᠷᠢᠳᠠᠭ ᠪᠣᠯᠤᠭᠰᠠᠨ ᠲᠡᠳᠦᠢ ᠦᠭᠡᠢ《ᠬᠦᠰᠡᠯ ᠦᠨ ᠬᠠᠳᠠ》ᠬᠡᠮᠡᠨ ᠨᠡᠷᠡᠯᠡᠳᠡᠭ ᠪᠣᠯᠵᠠᠢ᠃

ᠰᠡᠳᠬᠢᠭᠳᠡᠯ ᠦᠯᠡᠳᠡᠭᠡᠬᠦ