ᠪ ∙ ᠫᠦᠷᠪᠦᠰᠦ᠋ᠷᠦᠩ 2021 ᠣᠨ ᠤ ᠣᠯᠠᠨ ᠤᠯᠤᠰ ᠤᠨ ᠰᠢᠯᠢᠳᠡᠭ ᠡᠷᠳᠡᠮᠲᠡᠨ ᠢᠶᠡᠷ ᠰᠢᠯᠭᠠᠷᠠᠵᠠᠢ | News.MN

ᠪ ∙ ᠫᠦᠷᠪᠦᠰᠦ᠋ᠷᠦᠩ 2021 ᠣᠨ ᠤ ᠣᠯᠠᠨ ᠤᠯᠤᠰ ᠤᠨ ᠰᠢᠯᠢᠳᠡᠭ ᠡᠷᠳᠡᠮᠲᠡᠨ ᠢᠶᠡᠷ ᠰᠢᠯᠭᠠᠷᠠᠵᠠᠢ

ᠠᠺᠠᠳᠧᠮᠢᠴᠢ ᠪ ∙ ᠫᠦᠷᠪᠦᠰᠦ᠋ᠷᠦᠩ 2021 ᠣᠨ ᠤ︽ᠰᠢᠯᠢᠳᠡᠭ ᠡᠷᠳᠡᠮᠲᠡᠨ︾ᠣᠯᠠᠨ ᠤᠯᠤᠰ ᠤᠨ ᠨᠡᠭᠡᠭᠡᠯᠲᠡ ᠲᠡᠢ ᠲᠡᠮᠡᠴᠡᠭᠡᠨ ᠦ ᠢᠨᠵᠧᠨᠧᠷ᠂ ᠲᠧᠭᠨᠣᠯᠣᠭᠢ︵ᠬᠢᠮᠢ ᠶᠢᠨ ᠢᠨᠵᠧᠨᠧᠷᠴᠢᠯᠡᠯ︶ᠲᠥᠷᠥᠯ ᠳᠦ ᠢᠯᠠᠭᠴᠢ ᠪᠣᠯᠵᠠᠢ᠃ ᠲᠣᠳᠣᠷᠠᠭᠤᠯᠪᠠᠯ᠂  ᠺᠠᠨᠠᠳᠠ ᠤᠯᠤᠰ ᠤᠨ International Achievements Research Center ᠪᠠᠶᠢᠭᠤᠯᠤᠯᠭ᠎ᠠ ᠠᠴᠠ ᠠᠺᠠᠳᠧᠮᠢᠴᠢ᠂ ᠫᠷᠣᠹᠧᠰᠰᠣᠷ ᠪ ∙ ᠫᠦᠷᠪᠦᠰᠦ᠋ᠷᠦᠩ ᠦᠨ ᠭᠠᠳᠠᠭᠠᠳᠤ ᠳᠤ ᠬᠡᠪᠯᠡᠭᠳᠡᠭᠰᠡᠨ ᠪᠦᠲᠦᠭᠡᠯ ᠦᠳ ᠨᠢ ᠣᠯᠠᠨ ᠤᠯᠤᠰ ᠤᠨ ᠨᠡᠷ᠎ᠡ ᠬᠦᠨᠳᠦ ᠲᠡᠢ ᠰᠡᠳᠬᠦᠯ ᠦᠳ ᠲᠦ ᠬᠡᠪᠯᠡᠭᠳᠡᠨ ᠳᠡᠯᠡᠬᠡᠢ ᠶᠢᠨ ᠡᠷᠳᠡᠮᠲᠡᠳ ᠦᠨ ᠬᠦᠷᠲᠡᠭᠡᠯ ᠪᠣᠯᠵᠤ᠂ ᠣᠯᠠᠨ ᠤᠳᠠᠭ᠎ᠠ ᠡᠰᠢᠯᠡᠯ ᠬᠢᠭᠳᠡᠭᠰᠡᠨ ᠵᠡᠷᠭᠡ ᠶᠢ ᠨᠢ ᠦᠨᠳᠦᠰᠦᠯᠡᠨ ᠡᠶᠢᠨᠬᠦᠦ ᠰᠢᠯᠭᠠᠷᠠᠭᠤᠯᠤᠭᠰᠠᠨ ᠪᠠᠶᠢᠨ᠎ᠠ᠃ ᠲᠡᠷᠡᠪᠡᠷ 2022 ᠣᠨ ᠤ ᠨᠢᠭᠡᠳᠦᠭᠡᠷ ᠰᠠᠷ᠎ᠠ ᠶᠢᠨ 27  ᠤ ᠡᠳᠦᠷ ᠭᠡᠷᠡᠴᠢᠯᠡᠭᠡ ᠪᠡᠨ ᠭᠠᠷᠳᠠᠨ ᠠᠪᠴᠠᠢ᠃

ᠰᠡᠳᠬᠢᠭᠳᠡᠯ ᠦᠯᠡᠳᠡᠭᠡᠬᠦ