ᠣ᠊ ∙ ᠴᠡᠴᠡᠨᠴᠡᠩᠭᠡᠯ《ᠫᠠᠷᠢᠰ-2022》ᠶᠡᠬᠡ ᠳᠤᠭᠤᠯᠠᠭ᠎ᠠ ᠳᠤ ᠲᠦᠷᠦᠭᠦᠯᠡᠯ᠎ᠡ | News.MN

ᠣ᠊ ∙ ᠴᠡᠴᠡᠨᠴᠡᠩᠭᠡᠯ《ᠫᠠᠷᠢᠰ-2022》ᠶᠡᠬᠡ ᠳᠤᠭᠤᠯᠠᠭ᠎ᠠ ᠳᠤ ᠲᠦᠷᠦᠭᠦᠯᠡᠯ᠎ᠡ

《ᠫᠠᠷᠢᠰ-2022》 ᠵᠢᠦ᠋ᠳᠣ᠋ ᠪᠥᠬᠡ ᠶᠢᠨ 2022 ᠣᠨ ᠤ ᠠᠩᠬᠠᠨ ᠤ ᠶᠡᠬᠡ ᠳᠤᠭᠤᠯᠠᠭ᠎ᠠ ᠲᠡᠮᠡᠴᠡᠭᠡᠨ ᠦ ᠰᠡᠭᠦᠯ ᠦᠨ ᠡᠳᠦᠷ ᠡᠷᠡᠭᠲᠡᠶᠢᠴᠦᠳ ᠦᠨ +100  ᠺᠢᠯᠦᠭᠷᠡᠮ ᠵᠢᠩ ᠳᠦ ᠣᠳᠣᠬᠦᠦ ᠶᠢᠨ ᠴᠡᠴᠡᠨᠴᠡᠩᠭᠡᠯ ᠠᠪᠤᠷᠭᠤ ᠶᠢᠨ ᠠᠯᠲᠠᠨ ᠮᠧᠳᠠᠯ ᠬᠦᠷᠲᠡᠯ᠎ᠡ᠃  ᠲᠡᠷᠡ ᠠᠪᠤᠷᠭᠤ ᠶᠢᠨ ᠲᠥᠯᠥᠭᠡ  ᠠᠽᠧᠷᠪᠠᠶᠢᠵᠠᠨ ᠤ ᠪᠦᠬᠡ ᠲᠠᠢ ᠪᠠᠷᠢᠯᠳᠤᠵᠤ᠂ ᠲᠡᠭᠦᠨ ᠢ ᠴᠡᠪᠡᠷ ᠢᠯᠠᠭᠰᠠᠨ ᠶᠤᠮ᠃ ᠲᠡᠷᠡ ᠪᠡᠷ ᠡᠬᠢᠨ ᠦ ᠳᠠᠪᠠᠭᠠᠨ ᠳᠤ ᠹᠷᠠᠨᠼᠢ ᠶᠢᠨ ᠪᠦᠬᠡ ᠶᠢ 3᠄19 ᠮᠢᠨᠦ᠋ᠲ ᠲᠤ ᠴᠡᠪᠡᠷ᠂ ᠬᠡᠰᠡᠭ ᠦᠨ ᠠᠪᠤᠷᠭᠤ ᠶᠢᠨ ᠲᠥᠯᠥᠭᠡ ᠹᠢᠨᠯᠠᠨ᠋ᠳ᠋  ᠤᠨ  ᠪᠦᠬᠡ ᠶᠢ  3᠄40 ᠮᠢᠨᠦ᠋ᠲ ᠲᠤ ᠴᠡᠪᠡᠷ ᠢᠯᠠᠭᠰᠠᠨ᠃

ᠤᠯᠠᠮ ᠢᠶᠠᠷ ᠬᠠᠭᠠᠰ ᠰᠢᠭᠰᠢᠭᠡ ᠳᠦ 2021 ᠣᠨ ᠤ ᠳᠡᠯᠡᠬᠡᠢ ᠶᠢᠨ ᠠᠪᠤᠷᠭᠤ ᠶᠠᠫᠣᠨ ᠤ ᠪᠦᠬᠡ ᠶᠢ ᠲᠣᠷᠭᠠᠭᠤᠯᠢ ᠪᠠᠷ ᠢᠯᠠᠵᠤ᠂  ᠬᠤᠶᠠᠳᠠᠬᠢ ᠤᠳᠠᠭ᠎ᠠ ᠭᠷᠡᠨᠳ᠋ ᠰᠯᠠᠮ ᠠᠩᠭᠢᠯᠠᠯ ᠳᠤ ᠠᠪᠤᠷᠭᠤ ᠶᠢᠨ ᠲᠥᠯᠥᠭᠡ ᠰᠢᠯᠭᠠᠷᠠᠭᠰᠠᠨ ᠶᠤᠮ᠃ ᠡᠨᠡ ᠤᠳᠠᠭ᠎ᠠ ᠶᠢᠨ ᠫᠠᠷᠢᠰ ᠤᠨ ᠲᠡᠮᠡᠴᠡᠭᠡᠨ ᠠᠴᠠ ᠮᠣᠩᠭᠣᠯ ᠤᠨ ᠲᠠᠮᠢᠷᠴᠢᠳ 2 ᠠᠯᠲᠠ᠂ 1 ᠮᠥᠩᠭᠥ᠂ 1 ᠬᠦᠷᠡᠯ ᠮᠧᠳᠠᠯ ᠬᠦᠷᠲᠡᠭᠰᠡᠨ ᠠᠮᠵᠢᠯᠲᠠ ᠪᠠᠷ ᠶᠠᠫᠣᠨ᠂ ᠹᠷᠠᠨᠼᠢ ᠶᠢᠨ ᠰᠢᠭᠰᠢᠭᠡ ᠪᠠᠭ ᠤᠳ ᠤᠨ ᠠᠷᠤ ᠠᠴᠠ ᠭᠤᠷᠪᠠᠳᠤᠭᠠᠷ ᠪᠠᠶᠢᠷᠢ ᠳᠤ ᠰᠢᠯᠭᠠᠷᠠᠯ᠎ᠠ᠃

ᠰᠡᠳᠬᠢᠭᠳᠡᠯ ᠦᠯᠡᠳᠡᠭᠡᠬᠦ