ᠤᠯᠤᠰ ᠤᠨ ᠬᠡᠮᠵᠢᠶᠡᠨ ᠳᠦ ᠪᠦᠬᠦ ᠲᠥᠷᠥᠯ ᠦᠨ ᠲᠡᠭᠡᠭᠡᠪᠦᠷᠢ ᠪᠡᠷ ᠥᠩᠭᠡᠷᠡᠭᠰᠡᠨ ᠣᠨ ᠳᠤ 49.2 ᠰᠠᠶ᠎ᠠ ᠲᠣᠨ ᠠᠴᠢᠶ᠎ᠠ ᠲᠡᠭᠡᠭᠡᠪᠦᠷᠢᠯᠡᠭᠰᠡᠨ ᠨᠢ ᠡᠮᠦᠨᠡᠬᠢ ᠣᠨ ᠤ ᠬᠢ ᠠᠴᠠ 11.1︵18.5 ᠬᠤᠪᠢ︶ᠰᠠᠶ᠎ᠠ ᠲᠣᠨ ᠢᠶᠠᠷ ᠪᠠᠭ᠎ᠠ ᠦᠵᠡᠭᠦᠯᠦᠯᠲᠡ ᠶᠤᠮ᠃ ᠡᠭᠦᠨ ᠳᠦ ᠠᠦ᠋ᠲ᠋ᠣ᠋ ᠲᠡᠭᠡᠭᠡᠪᠦᠷᠢ ᠪᠡᠷ ᠲᠡᠭᠡᠭᠡᠭᠰᠡᠨ ᠠᠴᠢᠶ᠎ᠠ 12.5︵41 ᠬᠤᠪᠢ︶ᠰᠠᠶ᠎ᠠ ᠲᠣᠨ ᠢᠶᠠᠷ ᠪᠠᠭᠠᠰᠤᠭᠰᠠᠨ ᠨᠢ ᠭᠣᠣᠯᠯᠠᠨ ᠨᠥᠯᠦᠭᠡᠯᠡᠵᠡᠢ᠃
ᠪᠦᠬᠦ ᠲᠥᠷᠥᠯ ᠦᠨ ᠲᠡᠭᠡᠭᠡᠪᠦᠷᠢ ᠪᠡᠷ ᠥᠩᠭᠡᠷᠡᠭᠰᠡᠨ ᠣᠨ ᠳᠤ 107.2 ᠰᠠᠶ᠎ᠠ ᠬᠦᠮᠦᠨ︵ᠳᠠᠪᠬᠤᠷᠳᠠᠭᠰᠠᠨ ᠲᠣᠭ᠎ᠠ ᠪᠠᠷ︶ᠵᠣᠷᠴᠢᠭᠰᠠᠨ ᠨᠢ ᠡᠮᠦᠨᠡᠬᠢ ᠣᠨ ᠤ ᠬᠢ ᠠᠴᠠ 19.4︵15.3 ᠬᠤᠪᠢ︶ᠰᠠᠶ᠎ᠠ ᠬᠦᠮᠦᠨ ᠢᠶᠡᠷ ᠴᠥᠭᠡᠷᠡᠭᠰᠡᠨ ᠪᠠᠶᠢᠨ᠎ᠠ᠃ ᠵᠣᠷᠴᠢᠭᠴᠢᠳ ᠤᠨ ᠲᠣᠭ᠎ᠠ ᠪᠠᠭᠠᠰᠬᠤ ᠳᠤ ᠠᠦ᠋ᠲ᠋ᠣ᠋ ᠲᠡᠭᠡᠭᠡᠪᠦᠷᠢ ᠪᠡᠷ ᠵᠣᠷᠴᠢᠭᠴᠢ 17.6︵14.2 ᠬᠤᠪᠢ︶ᠰᠠᠶ᠎ᠠ ᠬᠦᠮᠦᠨ ᠢᠶᠡᠷ ᠬᠠᠰᠤᠭᠳᠠᠭᠰᠠᠨ ᠨᠢ ᠭᠣᠣᠯᠯᠠᠨ ᠨᠥᠯᠦᠭᠡᠯᠡᠵᠡᠢ᠃