ᠵ∙ᠬᠤᠨᠳᠠᠸᠠ ᠶᠢᠨ ᠬᠢ ᠲᠡᠮᠡᠭᠡᠨ ᠰᠦᠷᠦᠭ ᠢᠶᠡᠷ ᠢᠶᠡᠨ ᠠᠶᠢᠮᠠᠭ ᠲᠤ ᠪᠠᠨ ᠲᠡᠷᠢᠭᠦᠯᠡᠳᠡᠭ | News.MN

ᠵ∙ᠬᠤᠨᠳᠠᠸᠠ ᠶᠢᠨ ᠬᠢ ᠲᠡᠮᠡᠭᠡᠨ ᠰᠦᠷᠦᠭ ᠢᠶᠡᠷ ᠢᠶᠡᠨ ᠠᠶᠢᠮᠠᠭ ᠲᠤ ᠪᠠᠨ ᠲᠡᠷᠢᠭᠦᠯᠡᠳᠡᠭ

ᠮᠣᠩᠭᠣᠯ ᠤᠯᠤᠰ ᠤᠨ ᠬᠣᠱᠣᠢ ᠠᠪᠤᠷᠭᠤ ᠮᠠᠯᠴᠢᠨ ᠡᠷᠦᠬᠡ ᠪᠡᠷ ᠰᠢᠯᠭᠠᠷᠠᠭᠰᠠᠨ ᠰᠦᠬᠡᠪᠠᠭᠠᠲᠤᠷ ᠠᠢᠮᠠᠭ ᠤᠨ ᠲᠦᠪᠰᠢᠨᠰᠢᠷᠡᠭᠡ ᠰᠤᠮᠤ ᠶᠢᠨ ᠥᠭᠭᠢᠶᠡᠮᠦᠷ ᠪᠠᠭ ᠤᠨ ᠮᠠᠯᠴᠢᠨ ᠵᠢᠭᠮᠡᠳ ᠦᠨ ᠬᠤᠨᠳᠠᠸᠠ᠂ ᠭᠡᠷᠭᠡᠢ ᠴᠢᠯᠠᠭᠤᠨ ᠤ ᠳᠠᠭᠸᠠᠰᠦ᠋ᠷᠦᠩ ᠨᠠᠷ ᠱᠠᠩᠨᠠᠯ ᠢᠶᠠᠨ ᠭᠠᠷᠳᠠᠨ ᠠᠪᠤᠯ᠎ᠠ᠃ ᠲᠡᠳᠡᠨ ᠦ ᠬᠢ 2021 ᠣᠨ ᠤ ᠵᠢᠯ ᠦᠨ ᠡᠴᠦᠰ ᠦᠨ ᠲᠣᠭᠠᠯᠠᠯᠭ᠎ᠠ ᠪᠠᠷ 100 ᠭᠠᠷᠤᠢ ᠲᠣᠯᠣᠭᠠᠢ ᠲᠡᠮᠡᠭᠡ ᠲᠣᠭᠠᠯᠠᠭᠤᠯᠵᠤ᠂ ᠲᠡᠮᠡᠭᠡᠨ ᠰᠦᠷᠦᠭ ᠦᠨ ᠢᠶᠡᠨ ᠲᠣᠭ᠎ᠠ ᠪᠠᠷ ᠠᠶᠢᠮᠠᠭ ᠲᠤ ᠪᠠᠨ ᠲᠡᠷᠢᠭᠦᠯᠡᠵᠦ ᠪᠠᠶᠢᠨ᠎ᠠ᠃

ᠬᠣᠪᠣᠷᠳᠠᠵᠤ ᠪᠤᠢ ᠲᠡᠮᠡᠭᠡᠨ ᠰᠦᠷᠦᠭ ᠦᠨ ᠲᠣᠭ᠎ᠠ ᠲᠣᠯᠣᠭᠠᠢ ᠶᠢ ᠨᠡᠮᠡᠭᠳᠡᠭᠦᠯᠬᠦ ᠳᠦ ᠠᠩᠬᠠᠷᠴᠤ ᠡᠳᠦᠷ ᠲᠤᠲᠤᠮ ᠤᠨᠤᠯᠭ᠎ᠠ ᠠᠴᠢᠯᠭ᠎ᠠ ᠳᠤ ᠪᠠᠨ ᠬᠡᠷᠡᠭᠯᠡᠵᠦ᠂ ᠢᠩᠭᠡ ᠪᠡᠨ ᠲᠣᠭᠲᠠᠮᠠᠯ ᠰᠠᠭᠠᠵᠤ ᠴᠠᠭᠠᠨ ᠢᠳᠡᠭᠡ ᠶᠢ ᠨᠢ ᠪᠣᠯᠪᠠᠰᠤᠷᠠᠭᠤᠯᠳᠠᠭ ᠪᠠᠶᠢᠨ᠎ᠠ᠃ ᠲᠡᠳᠡᠨ ᠦ ᠬᠢ 1960 ᠣᠨ ᠠᠴᠠ ᠬᠣᠶᠢᠰᠢ ᠲᠠᠰᠤᠷᠠᠯᠲᠠ ᠦᠭᠡᠢ ᠮᠠᠯ ᠠᠵᠤ ᠠᠬᠤᠢ ᠶᠢᠨ ᠰᠠᠯᠪᠤᠷᠢ ᠳᠤ ᠲᠠᠪᠢ ᠭᠠᠷᠤᠢ ᠵᠢᠯ ᠠᠵᠢᠯᠯᠠᠵᠤ ᠪᠠᠶᠢᠨ᠎ᠠ᠃ ᠮᠠᠯ ᠢᠶᠠᠨ ᠲᠠᠪᠤᠨ ᠲᠥᠷᠥᠯ ᠢᠶᠡᠷ ᠨᠢ ᠥᠰᠬᠡᠵᠦ᠂ ᠵᠢᠷᠭᠤᠭᠠᠨ ᠬᠡᠦᠬᠡᠳ ᠢᠶᠡᠨ ᠮᠠᠯᠴᠢᠨ ᠪᠣᠯᠭᠠᠵᠠᠢ᠃ ᠮᠠᠯᠴᠢᠨ ᠬᠦᠮᠦᠨ ᠬᠥᠳᠡᠯᠮᠦᠷᠢᠯᠡᠵᠦ ᠴᠢᠳᠠᠪᠠᠯ ᠶᠠᠮᠠᠷ ᠴᠤ ᠠᠮᠵᠢᠯᠲᠠ ᠳᠤ ᠬᠦᠷᠴᠦ ᠪᠣᠯᠳᠠᠭ ᠭᠡᠵᠦ ᠠᠪᠤᠷᠭᠤ ᠮᠠᠯᠴᠢᠨ ᠣᠨᠴᠠᠯᠠᠵᠤ ᠪᠠᠶᠢᠯ᠎ᠠ᠃ ᠲᠡᠷᠡ ᠪᠡᠷ ᠲᠦᠪᠰᠢᠨᠰᠢᠷᠡᠭᠡ ᠰᠤᠮᠤ ᠠᠴᠠ ᠲᠣᠳᠣᠷᠠᠵᠤ ᠪᠤᠢ  ᠬᠤᠶᠠᠳᠠᠬᠢ ᠤᠯᠤᠰ ᠤᠨ ᠬᠣᠱᠣᠢ ᠠᠪᠤᠷᠭᠤ ᠮᠠᠯᠴᠢᠨ ᠶᠤᠮ᠃

ᠰᠡᠳᠬᠢᠭᠳᠡᠯ ᠦᠯᠡᠳᠡᠭᠡᠬᠦ