ᠤ᠊ ∙ᠬᠦᠷᠡᠯᠰᠦ᠋ᠬᠡ᠄ ᠮᠣᠩᠭᠣᠯ ᠬᠦᠮᠦᠨ ᠦ ᠴᠣᠭ ᠬᠡᠶᠢᠮᠣᠷᠢ ᠭᠠᠯ ᠤᠨ ᠳᠥᠯᠥ ᠰᠢᠭ ᠥᠭᠡᠳᠡ ᠪᠡᠨ ᠪᠠᠶᠢᠭ | News.MN

ᠤ᠊ ∙ᠬᠦᠷᠡᠯᠰᠦ᠋ᠬᠡ᠄ ᠮᠣᠩᠭᠣᠯ ᠬᠦᠮᠦᠨ ᠦ ᠴᠣᠭ ᠬᠡᠶᠢᠮᠣᠷᠢ ᠭᠠᠯ ᠤᠨ ᠳᠥᠯᠥ ᠰᠢᠭ ᠥᠭᠡᠳᠡ ᠪᠡᠨ ᠪᠠᠶᠢᠭ

ᠮᠣᠩᠭᠣᠯ ᠤᠯᠤᠰ ᠤᠨ ᠶᠡᠷᠦᠩᠬᠡᠶᠢᠯᠡᠭᠴᠢ ᠤ᠊ ∙ ᠬᠦᠷᠡᠯᠰᠦ᠋ᠬᠡ ᠠᠷᠪᠠᠨ ᠳᠤᠯᠤᠳᠤᠭᠠᠷ ᠵᠢᠷᠠᠨ ᠤ 《ᠪᠤᠶᠠᠨ ᠦᠢᠯᠡᠳᠦᠭᠴᠢ》ᠬᠡᠮᠡᠬᠦ ᠤᠰᠤᠨ ᠪᠠᠷᠰ ᠵᠢᠯ ᠦᠨ ᠰᠠᠷ᠎ᠠ ᠰᠢᠨ᠎ᠡ ᠶᠢᠨ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ᠄
ᠡᠷᠬᠢᠮ ᠬᠦᠨᠳᠦᠲᠦ ᠠᠷᠠᠳ ᠢᠷᠭᠡᠳ ᠡ᠂ ᠡᠯᠢᠭᠡ ᠨᠢᠭᠡᠲᠦ ᠮᠣᠩᠭᠣᠯ ᠠᠬᠠᠨ ᠳᠡᠭᠦᠦᠰ ᠡ᠃ ᠠᠷᠪᠠᠨ ᠳᠤᠯᠤᠳᠤᠭᠠᠷ ᠵᠢᠷᠠᠨ ᠤ《ᠪᠤᠶᠠᠨ ᠦᠢᠯᠡᠳᠦᠭᠴᠢ》ᠬᠡᠮᠡᠬᠦ ᠤᠰᠤᠨ ᠪᠠᠷᠰ ᠵᠢᠯ ᠦᠨ ᠰᠠᠷ᠎ᠠ ᠰᠢᠨ᠎ᠡ ᠶᠢᠨ ᠪᠠᠶᠠᠷ ᠤᠨ ᠮᠡᠨᠳᠦ ᠶᠢ ᠡᠷᠭᠦᠨ ᠳᠡᠪᠰᠢᠭᠦᠯᠦᠶ᠎ᠡ᠃
ᠪᠤᠶᠠᠨᠲᠤ ᠪᠤᠭᠤᠷᠤᠯ ᠤᠳ᠂ ᠠᠬᠠᠮᠠᠳ ᠨᠠᠰᠤᠲᠠᠳ ᠮᠠᠨᠢ ᠡᠩᠬᠡ ᠲᠤᠩᠬ᠎ᠠ᠂ ᠠᠮᠤᠷ ᠲᠦᠪᠰᠢᠨ᠂ ᠢᠳᠡᠷ ᠵᠠᠯᠠᠭᠤᠰ ᠨᠢ ᠤᠬᠠᠭᠠᠨ ᠬᠤᠷᠴᠠ᠂ ᠠᠵᠢᠯ ᠦᠢᠯᠡᠰ ᠠᠷᠪᠢᠨ᠂ ᠬᠡᠦᠬᠡᠳ ᠪᠠᠭᠠᠴᠤᠳ ᠮᠢᠨᠢ ᠡᠷᠡᠭᠦᠯ ᠰᠠᠷᠠᠭᠤᠯ᠂ ᠡᠷᠳᠡᠮ ᠪᠢᠯᠢᠭ ᠲᠡᠢ ᠪᠠᠶᠢᠵᠤ ᠰᠠᠷ᠎ᠠ ᠰᠢᠨ᠎ᠡ ᠳᠦ ᠪᠡᠨ ᠰᠠᠶᠢᠬᠠᠨ ᠰᠢᠨᠡᠯᠡᠵᠦ ᠪᠠᠶᠢᠨ᠎ᠠ ᠤᠤ?
ᠮᠣᠩᠭᠣᠯ ᠤᠨ ᠴᠠᠭᠠᠨ ᠰᠠᠷ᠎ᠠ ᠪᠣᠯ ᠮᠣᠩᠭᠣᠯ ᠤᠨ ᠠᠷᠠᠳ ᠲᠦᠮᠡᠨ ᠦ ᠰᠢᠨ᠎ᠡ ᠵᠢᠯ ᠦᠨ ᠪᠠᠶᠠᠷ᠂ ᠬᠦᠮᠦᠨ ᠪᠦᠷᠢ ᠨᠠᠰᠤ ᠨᠡᠮᠡᠭᠰᠡᠨ ᠦ ᠪᠠᠶᠠᠷ᠂ ᠬᠦᠢᠲᠡᠨ ᠦ ᠠᠮᠠ ᠴᠠᠭᠠᠰᠢᠯᠠᠵᠤ᠂ ᠬᠥᠬᠥᠷ ᠦᠨ ᠠᠮᠠ ᠨᠠᠭᠠᠰᠢᠯᠠᠵᠤ᠂ ᠤᠷᠭᠤᠨ ᠲᠥᠯᠵᠢᠬᠦ ᠶᠢᠨ ᠡᠬᠢ᠂ ᠤᠷᠢᠨ ᠬᠠᠪᠤᠷ ᠲᠠᠢ ᠵᠣᠯᠭᠠᠵᠤ ᠪᠤᠢ ᠶᠢᠨ ᠪᠠᠶᠠᠷ ᠶᠤᠮ᠃
ᠮᠣᠩᠭᠣᠯᠴᠤᠳ ᠪᠢᠳᠡ ᠰᠠᠷ᠎ᠠ ᠰᠢᠨ᠎ᠡ ᠪᠡᠷ ᠡᠴᠢᠭᠡ ᠲᠩᠷᠢ᠂ ᠡᠬᠡ ᠳᠡᠯᠡᠬᠡᠢ ᠪᠡᠨ ᠳᠡᠭᠡᠳᠦᠯᠡᠨ ᠰᠢᠲᠦᠵᠦ᠂ ᠭᠠᠵᠠᠷ ᠨᠤᠲᠤᠭ᠂ ᠠᠭᠤᠯᠠ ᠤᠰᠤᠨ ᠳᠤ ᠪᠠᠨ ᠰᠦᠰᠦᠯᠡᠨ ᠮᠥᠷᠭᠥᠵᠦ᠂ ᠥᠲᠡᠭᠦᠰ ᠪᠤᠭᠤᠷᠤᠯ ᠤᠳ ᠤᠨ ᠢᠶᠠᠨ ᠠᠯᠲᠠᠨ ᠰᠤᠷᠭᠠᠯ᠂ ᠠᠮᠢᠨ ᠵᠠᠬᠢᠶᠠᠰᠤ ᠶᠢ ᠳᠡᠭᠡᠳᠦᠯᠡᠨ ᠰᠣᠨᠣᠰᠴᠤ᠂ ᠦᠭᠡ ᠶᠢᠨ ᠰᠠᠶᠢᠨ ᠢ ᠬᠡᠯᠡᠯᠴᠡᠵᠦ᠂ ᠦᠢᠯᠡ ᠶᠢᠨ ᠰᠠᠶᠢᠨ ᠢ ᠤᠷᠠᠯᠠᠵᠤ᠂ ᠡᠪᠦᠭᠡ ᠳᠡᠭᠡᠳᠦᠰ᠂ ᠥᠨᠳᠥᠷ ᠨᠠᠰᠤᠲᠠᠨ ᠢᠶᠠᠨ ᠬᠦᠨᠳᠦᠯᠡᠨ ᠵᠣᠯᠭᠠᠳᠠᠭ ᠰᠠᠶᠢᠬᠠᠨ ᠤᠯᠠᠮᠵᠢᠯᠠᠯ ᠲᠠᠢ ᠠᠷᠠᠳ ᠲᠦᠮᠡᠨ ᠪᠢᠯᠡ᠃
ᠮᠣᠩᠭᠣᠯ ᠤᠨ ᠴᠠᠭᠠᠨ ᠰᠠᠷ᠎ᠠ ᠪᠣᠯ ᠾᠦᠩᠨᠤ ᠭᠦᠷᠦᠨ ᠡᠴᠡ ᠤᠯᠠᠮᠵᠢᠯᠠᠨ᠂ ᠬᠦᠨᠳᠦᠳᠬᠡᠨ ᠶᠤᠰᠤᠯᠠᠵᠤ ᠢᠷᠡᠭᠰᠡᠨ ᠮᠣᠩᠭᠣᠯ ᠤᠭᠰᠠᠭᠠᠲᠠᠨ ᠤ ᠣᠯᠠᠨ ᠵᠦᠢᠯ ᠦᠨ ᠵᠠᠩ ᠦᠢᠯᠡ᠂ ᠶᠣᠰᠣ ᠵᠠᠩᠰᠢᠯ᠂ ᠤᠯᠠᠮᠵᠢᠯᠠᠯᠲᠤ ᠥᠪ ᠰᠤᠶᠤᠯ ᠢ ᠰᠢᠩᠭᠡᠭᠡᠭᠰᠡᠨ ᠮᠣᠩᠭᠣᠯ ᠦᠨᠳᠦᠰᠦᠲᠡᠨ ᠦ ᠨᠡᠩ ᠶᠡᠬᠡᠳᠡ ᠳᠡᠭᠡᠳᠦᠯᠡᠳᠡᠭ ᠪᠠᠶᠠᠷ ᠶᠣᠰᠣᠯᠠᠯ ᠶᠤᠮ ᠁

ᠴᠠᠭᠠᠨ ᠰᠠᠷ᠎ᠠ᠂ ᠤᠯᠤᠰ ᠤᠨ ᠶᠡᠬᠡ ᠪᠠᠶᠠᠷ ᠨᠠᠭᠠᠳᠤᠮ ᠵᠡᠷᠭᠡ ᠤᠯᠠᠮᠵᠢᠯᠠᠯᠲᠤ ᠪᠠᠶᠠᠷ ᠶᠣᠰᠣᠯᠠᠯ᠂ ᠵᠠᠩ ᠵᠠᠩᠰᠢᠯ ᠨᠢ ᠮᠣᠩᠭᠣᠯᠴᠤᠳ ᠪᠢᠳᠡᠨ ᠦ ᠡᠪ ᠨᠢᠭᠡᠳᠦᠯ᠂ ᠲᠤᠰᠠᠭᠠᠷ ᠲᠣᠭᠲᠠᠨᠢᠯ ᠤᠨ ᠪᠡᠯᠭᠡᠳᠡᠯ᠂ ᠥᠪ ᠰᠤᠶᠤᠯ᠂ ᠣᠶᠤᠨ ᠰᠠᠨᠠᠭᠠᠨ ᠤ ᠳᠠᠷᠬᠠᠯᠠᠭ᠎ᠠ ᠶᠤᠮ᠃ ᠮᠣᠩᠭᠣᠯ ᠬᠦᠮᠦᠨ᠂ ᠮᠣᠩᠭᠣᠯ ᠦᠨᠳᠦᠰᠦᠲᠡᠨ᠂ ᠮᠣᠩᠭᠣᠯ ᠤᠨ ᠲᠡᠦᠬᠡ ᠰᠤᠶᠤᠯ ᠪᠣᠯ ᠨᠡᠭᠦᠳᠡᠯ ᠦᠨ ᠰᠤᠶᠤᠯ ᠢᠷᠭᠡᠨᠰᠢᠯ ᠦᠨ ᠳᠠᠪᠲᠠᠭᠳᠠᠰᠢ ᠦᠭᠡᠢ ᠦᠨᠡᠲᠦ ᠵᠦᠢᠯᠡᠰ᠂ ᠳᠡᠯᠡᠬᠡᠢ ᠶᠢᠷᠲᠢᠨᠴᠦ ᠳᠦ ᠢᠯᠭᠠᠷᠠᠬᠤ ᠪᠢᠳᠡᠨ ᠦ ᠣᠨᠳᠣᠣᠰᠢᠯ᠂ ᠮᠣᠩᠭᠣᠯ ᠢᠶᠠᠷ ᠢᠶᠠᠨ ᠣᠮᠣᠭᠰᠢᠨ ᠪᠠᠬᠠᠷᠬᠠᠬᠤ ᠡᠬᠢ ᠰᠤᠷᠪᠤᠯᠵᠢ᠂ ᠳᠤᠮᠳᠠᠷᠠᠰᠢ ᠦᠭᠡᠢ ᠪᠠᠶᠠᠯᠢᠭ ᠶᠤᠮ᠃
ᠮᠣᠷᠢᠯᠠᠨ ᠢᠷᠡᠵᠦ ᠪᠤᠢ 《ᠪᠤᠶᠠᠨ ᠦᠢᠯᠡᠳᠦᠭᠴᠢ》ᠬᠡᠮᠡᠬᠦ ᠤᠰᠤᠨ ᠪᠠᠷᠰ ᠵᠢᠯ ᠳᠦ ᠶᠡᠬᠡ ᠮᠣᠩᠭᠣᠯ ᠤᠯᠤᠰ ᠢ ᠡᠭᠦᠰᠬᠡᠨ ᠪᠠᠶᠢᠭᠤᠯᠤᠭᠴᠢ ᠶᠡᠬᠡ ᠡᠵᠡᠨ ᠴᠢᠩᠭᠢᠰ ᠬᠠᠭᠠᠨ ᠮᠡᠨᠳᠦᠯᠡᠭᠰᠡᠨ ᠦ 860 ᠵᠢᠯ ᠦᠨ ᠣᠢ ᠶᠢ ᠣᠷᠣᠨ ᠳᠠᠶᠠᠭᠠᠷ ᠢᠶᠠᠨ ᠲᠡᠮᠳᠡᠭᠯᠡᠵᠦ᠂ ᠮᠢᠩᠭᠠᠨ ᠤ ᠰᠤᠤᠲᠤ ᠴᠢᠩᠭᠢᠰ ᠬᠠᠭᠠᠨ ᠤ ᠠᠤᠭ᠎ᠠ ᠦᠢᠯᠡ ᠬᠡᠷᠡᠭ᠂ ᠰᠤᠤ ᠠᠯᠳᠠᠷ᠂ ᠪᠢᠯᠢᠭ ᠰᠤᠷᠭᠠᠯ ᠢ ᠠᠷᠠᠳ ᠲᠦᠮᠡᠨ᠂ ᠦᠷ᠎ᠡ ᠬᠡᠦᠬᠡᠳ᠂ ᠬᠣᠶᠢᠴᠢ ᠦᠶ᠎ᠡ ᠳᠦ ᠪᠡᠨ ᠥᠪᠯᠡᠭᠦᠯᠦᠨ ᠲᠦᠭᠡᠭᠡᠵᠦ᠂ ᠳᠡᠯᠡᠬᠡᠢ ᠶᠢᠷᠲᠢᠨᠴᠦ ᠳᠦ ᠮᠥᠩᠬᠡᠵᠢᠭᠦᠯᠦᠨ ᠠᠯᠳᠠᠷᠰᠢᠭᠤᠯᠬᠤ ᠤᠴᠢᠷ ᠲᠠᠢ ᠁
ᠮᠢᠨᠦ ᠮᠣᠩᠭᠣᠯ ᠤᠨ ᠠᠷᠠᠳ ᠢᠷᠭᠡᠳ ᠡ᠂ ᠳᠠᠶᠠᠩ ᠳᠡᠯᠡᠬᠡᠢ ᠳᠦ ᠲᠠᠷᠬᠠᠨ ᠰᠠᠭᠤᠭ᠎ᠠ ᠡᠯᠢᠭᠡ ᠨᠢᠭᠡᠲᠦ ᠮᠣᠩᠭᠣᠯ ᠠᠬᠠᠨ ᠳᠡᠭᠦᠦᠰ ᠡ᠂ ᠤᠯᠠᠷᠢᠨ ᠣᠳᠴᠤ ᠪᠠᠶᠢᠭ᠎ᠠ 《ᠴᠥᠭᠡᠪᠦᠷᠢ》ᠬᠡᠮᠡᠭᠴᠢ ᠲᠡᠮᠦᠷ ᠦᠬᠡᠷ ᠵᠢᠯ ᠳᠦ ᠲᠥᠷᠥ ᠶᠢᠨ ᠲᠤᠯᠭᠠᠭᠤᠷᠢ᠂ ᠤᠯᠤᠰ ᠤᠨ ᠦᠨᠳᠦᠰᠦ ᠪᠣᠯᠤᠭᠰᠠᠨ ᠠᠶᠢᠯ ᠡᠷᠦᠬᠡ ᠨᠦᠭᠦᠳ ᠮᠠᠨᠢ 74 ᠮᠢᠩᠭᠠᠨ ᠦᠷ᠎ᠡ ᠬᠡᠦᠬᠡᠳ ᠢᠶᠡᠷ ᠠᠮᠠ ᠪᠦᠯᠢ ᠨᠡᠮᠡᠵᠦ᠂ ᠮᠣᠩᠭᠣᠯᠴᠤᠳ ᠪᠢᠳᠡ 3 ᠰᠠᠶ᠎ᠠ 400  ᠮᠢᠩᠭ᠎ᠠ ᠪᠣᠯᠤᠯ᠎ᠠ᠃
ᠬᠡᠳᠦᠢ ᠪᠡᠷ ᠳᠡᠯᠡᠬᠡᠢ ᠨᠡᠶᠢᠲᠡ ᠴᠠᠷ᠎ᠠ ᠲᠠᠬᠤᠯ ᠲᠠᠢ ᠲᠡᠮᠡᠴᠡᠭᠰᠡᠨ ᠬᠦᠨᠳᠦ ᠪᠡᠷᠬᠡ ᠴᠠᠭ ᠦᠶ᠎ᠡ ᠶᠢ ᠲᠤᠭᠤᠯᠵᠤ ᠪᠠᠶᠢᠭ᠎ᠠ ᠴᠤ ᠮᠣᠩᠭᠣᠯᠴᠤᠳ ᠪᠢᠳᠡᠨ ᠦ ᠬᠤᠪᠢ ᠳᠤ ᠳᠡᠯᠭᠡᠷ ᠵᠤᠨ᠂ ᠥᠩ ᠲᠡᠢ ᠡᠪᠦᠯ ᠲᠣᠬᠢᠶᠠᠵᠤ᠂ ᠮᠠᠯ ᠰᠦᠷᠦᠭ ᠦᠨ ᠲᠣᠭ᠎ᠠ 68 ᠰᠠᠶ᠎ᠠ ᠪᠠᠷ ᠲᠣᠭᠠᠯᠠᠭᠳᠠᠵᠤ᠂ ᠰᠡᠭᠦᠯ ᠦᠨ 30 ᠵᠢᠯ ᠳᠦ ᠪᠠᠶᠢᠭ᠎ᠠ ᠦᠭᠡᠢ ᠠᠷᠪᠢᠨ ᠤᠷᠭᠤᠴᠠ ᠠᠪᠴᠤ᠂ ᠡᠳ᠋  ᠦᠨ ᠵᠠᠰᠠᠭ ᠤᠨ ᠬᠦᠨᠳᠦᠷᠡᠯ ᠪᠡᠷᠬᠡᠰᠢᠶᠡᠯ ᠢ ᠳᠠᠪᠠᠨ ᠲᠤᠭᠤᠯᠬᠤ ᠶᠢᠨ ᠲᠥᠯᠥᠭᠡ ᠠᠷᠠᠳ ᠲᠦᠮᠡᠨ᠂ ᠲᠥᠷᠥ᠂ ᠵᠠᠰᠠᠭ ᠬᠠᠮᠲᠤ ᠳᠤ ᠪᠠᠨ ᠬᠢᠴᠢᠶᠡᠨ ᠵᠢᠳᠬᠦᠭᠰᠡᠨ ᠨᠢᠭᠡᠨ ᠵᠢᠯ ᠢ ᠦᠳᠡᠵᠦ ᠪᠠᠶᠢᠨ᠎ᠠ᠃
ᠢᠷᠡᠵᠦ ᠪᠤᠢ ᠵᠢᠯ ᠳᠦ ᠪᠡᠨ ᠮᠣᠩᠭᠣᠯᠴᠤᠳ ᠪᠢᠳᠡ ᠡᠪ ᠡᠶ᠎ᠡ ᠡᠷᠬᠢᠮᠯᠡᠨ ᠳᠡᠭᠡᠳᠦᠯᠡᠵᠦ᠂ ᠪᠡᠶ᠎ᠡ ᠡᠷᠡᠭᠦᠯ᠂ ᠰᠡᠳᠬᠢᠯ ᠥᠭᠡᠳᠡᠷᠡᠭ᠂ ᠢᠲᠡᠭᠡᠯ ᠲᠡᠭᠦᠰ᠂ ᠡᠷᠴᠢ ᠬᠦᠴᠦ ᠳᠦᠭᠦᠷᠡᠩ ᠪᠠᠶᠢᠵᠤ᠂ ᠬᠠᠮᠲᠤ ᠶᠢᠨ ᠵᠢᠳᠬᠦᠯ ᠢᠶᠡᠷ ᠬᠡᠪ ᠦᠨ ᠠᠮᠢᠳᠤᠷᠠᠯ ᠳᠤ ᠪᠠᠨ ᠡᠷᠭᠢᠨ ᠣᠷᠣᠵᠤ᠂ ᠤᠯᠤᠰ ᠣᠷᠣᠨ᠂ ᠠᠷᠠᠳ ᠲᠦᠮᠡᠨ ᠦ ᠮᠠᠨᠢ ᠠᠵᠢᠯ ᠠᠮᠢᠳᠤᠷᠠᠯ ᠳᠡᠪᠵᠢᠨ ᠳᠡᠭᠡᠭᠰᠢᠯᠡᠭᠰᠡᠨ ᠰᠠᠶᠢᠬᠠᠨ ᠵᠢᠯ ᠪᠣᠯᠤᠨ᠎ᠠ ᠭᠡᠳᠡᠭ ᠲᠦ ᠢᠲᠡᠭᠡᠯ ᠳᠦᠭᠦᠷᠡᠩ ᠪᠠᠶᠢᠨ᠎ᠠ᠃
ᠮᠢᠩᠭ᠎ᠠ ᠮᠢᠩᠭᠠᠨ ᠵᠢᠯ ᠦᠨ ᠲᠡᠦᠬᠡ ᠲᠡᠢ ᠨᠡᠭᠦᠳᠡᠯ ᠦᠨ ᠰᠤᠶᠤᠯ ᠢᠷᠭᠡᠨᠰᠢᠯ ᠦᠨ ᠦᠨᠡᠲᠦ ᠥᠪ ᠢ ᠲᠡᠭᠡᠭᠡᠵᠦ ᠶᠠᠪᠤᠭ᠎ᠠ ᠮᠠᠯᠴᠢᠨ ᠲᠦᠮᠡᠨ ᠳᠦ ᠪᠡᠨ ᠡᠪᠦᠯ ᠢ ᠥᠩ ᠲᠡᠢ ᠳᠠᠪᠠᠵᠤ᠂ ᠤᠷᠢᠨ ᠬᠠᠪᠤᠷ ᠲᠠᠢ ᠤᠷᠮ᠎ᠠ ᠲᠠᠢ ᠵᠣᠯᠭᠠᠭᠰᠠᠨ ᠤ ᠪᠠᠶᠠᠷ ᠤᠨ ᠮᠡᠨᠳᠦ ᠶᠢ ᠮᠡᠳᠡᠵᠦ᠂ ᠲᠠᠷᠭᠤᠨ ᠲᠠᠪᠠᠲᠠᠢ ᠬᠠᠪᠤᠷᠵᠢᠵᠤ᠂ ᠳᠡᠯᠭᠡᠷ ᠵᠤᠨ ᠲᠠᠢ ᠵᠣᠯᠭᠠᠬᠤ ᠶᠢᠨ ᠥᠯᠵᠡᠢ ᠲᠡᠢ ᠰᠠᠶᠢᠬᠠᠨ ᠢᠷᠦᠭᠡᠯ ᠢ ᠡᠷᠭᠦᠨ ᠳᠡᠪᠰᠢᠭᠦᠯᠦᠶ᠎ᠡ᠃
ᠰᠠᠷ᠎ᠠ ᠰᠢᠨ᠎ᠡ ᠶᠢᠨ ᠪᠠᠶᠠᠷ ᠢᠶᠠᠷ ᠳᠠᠷᠬᠠᠨ ᠬᠢᠯᠢ ᠪᠡᠨ ᠮᠠᠨᠠᠵᠤ ᠪᠠᠶᠢᠭ᠎ᠠ ᠡᠷ᠎ᠡ ᠵᠤᠷᠢᠭᠲᠤ ᠬᠢᠯᠢᠴᠢᠳ᠂ ᠡᠩᠬᠡ ᠶᠢ ᠰᠠᠬᠢᠭᠤᠯᠬᠤ ᠦᠢᠯᠡᠰ ᠲᠦ ᠵᠢᠳᠬᠦᠵᠦ ᠪᠤᠢ ᠡᠷᠡᠯᠬᠡᠭ ᠳᠠᠶᠢᠴᠢᠳ᠂ ᠬᠦᠮᠦᠨ ᠠᠷᠠᠳ ᠤᠨ ᠢᠶᠠᠨ ᠡᠷᠡᠭᠦᠯ ᠮᠡᠨᠳᠦ ᠶᠢᠨ ᠮᠠᠨᠠᠭᠠᠨ ᠳᠤ ᠵᠣᠭᠰᠣᠵᠤ ᠪᠠᠶᠢᠭ᠎ᠠ ᠡᠮᠴᠢ᠂ ᠰᠤᠪᠢᠯᠠᠭᠴᠢ᠂ ᠡᠮᠨᠡᠯᠭᠡ ᠶᠢᠨ ᠠᠵᠢᠯᠲᠠᠳ᠂ ᠤᠯᠤᠰ ᠣᠷᠣᠨ᠂ ᠠᠷᠠᠳ ᠢᠷᠭᠡᠳ ᠦᠨ ᠢᠶᠡᠨ ᠠᠶᠤᠯᠭᠦᠢ ᠪᠠᠶᠢᠳᠠᠯ ᠢ ᠬᠠᠩᠭᠠᠨ ᠠᠵᠢᠯᠯᠠᠵᠤ ᠪᠠᠶᠢᠭ᠎ᠠ ᠲᠥᠷᠥ ᠶᠢᠨ ᠠᠯᠪᠠᠨ ᠬᠠᠭᠠᠭᠴᠢᠳ᠂ ᠴᠡᠷᠢᠭ᠂ ᠴᠠᠭᠳᠠᠭ᠎ᠠ᠂ ᠣᠨᠴᠠᠭᠠᠢ ᠪᠠᠶᠢᠳᠠᠯ ᠤᠨ ᠬᠢᠨ ᠳᠤ ᠪᠠᠨ ᠰᠠᠷ᠎ᠠ ᠰᠢᠨ᠎ᠡ ᠶᠢᠨ ᠮᠡᠨᠳᠦ ᠶᠢ ᠡᠷᠭᠦᠨ ᠳᠡᠪᠰᠢᠭᠦᠯᠵᠦ᠂ ᠲᠤᠰᠬᠠᠶᠢᠯᠠᠨ ᠭᠦᠨ ᠲᠠᠯᠠᠷᠬᠠᠯ ᠢᠯᠡᠷᠬᠡᠶᠢᠯᠡᠶ᠎ᠡ᠁

ᠰᠡᠳᠬᠢᠭᠳᠡᠯ ᠦᠯᠡᠳᠡᠭᠡᠬᠦ