《ᠠᠯᠲᠠᠨ-ᠥᠳᠥ 2021》ᠨᠠᠭᠠᠳᠤᠮ ᠤᠨ ᠰᠢᠯᠢᠳᠡᠭ ᠦᠳ ᠲᠣᠳᠣᠷᠠᠯ᠎ᠠ | News.MN

《ᠠᠯᠲᠠᠨ-ᠥᠳᠥ 2021》ᠨᠠᠭᠠᠳᠤᠮ ᠤᠨ ᠰᠢᠯᠢᠳᠡᠭ ᠦᠳ ᠲᠣᠳᠣᠷᠠᠯ᠎ᠠ

ᠤᠳᠬ᠎ᠠ ᠵᠣᠬᠢᠶᠠᠯ ᠤᠨ ᠣᠨ ᠤ ᠰᠢᠯᠢᠳᠡᠭ ᠪᠦᠲᠦᠭᠡᠯ ᠰᠢᠯᠭᠠᠷᠠᠭᠤᠯᠬᠤ 《ᠠᠯᠲᠠᠨ-ᠥᠳᠥ》ᠨᠠᠭᠠᠳᠤᠮ ᠢ 2001 ᠣᠨ ᠳᠤ ᠠᠩᠬ᠎ᠠ ᠰᠠᠨᠠᠭᠠᠴᠢᠯᠠᠨ ᠵᠣᠬᠢᠶᠠᠨ ᠪᠠᠶᠢᠭᠤᠯᠤᠭᠰᠠᠨ ᠠᠴᠠ ᠬᠣᠶᠢᠰᠢ ᠬᠤᠷᠢᠳᠠᠬᠢ ᠵᠢᠯ ᠳᠦ ᠪᠡᠨ ᠵᠣᠬᠢᠶᠠᠨ ᠪᠠᠶᠢᠭᠤᠯᠤᠭᠳᠠᠵᠤ ᠪᠠᠶᠢᠨ᠎ᠠ᠃ ᠡᠨᠡ ᠤᠳᠠᠭ᠎ᠠ ᠶᠢᠨ ᠨᠠᠭᠠᠳᠤᠮ ᠳᠤ 111 ᠪᠦᠲᠦᠭᠡᠯ ᠢᠷᠡᠭᠰᠡᠨ ᠡᠴᠡ ᠬᠣᠶᠠᠷ ᠱᠠᠲᠤᠯᠠᠯ ᠢᠶᠠᠷ ᠰᠢᠭᠦᠨ ᠬᠡᠯᠡᠯᠴᠡᠵᠦ ᠰᠢᠯᠢᠳᠡᠭ ᠦᠳ ᠢ ᠲᠣᠳᠣᠷᠠᠭᠤᠯᠤᠯ᠎ᠠ᠃

ᠬᠡᠦᠬᠡᠳ ᠦᠨ ᠰᠢᠯᠢᠳᠡᠭ ᠵᠣᠬᠢᠶᠠᠯ ᠤᠨ ᠲᠥᠷᠥᠯ ᠳᠦ ᠪ∙ᠭᠠᠩᠴᠢᠮᠡᠭ ᠦᠨ 《ᠠᠵᠠ ᠵᠢᠷᠭᠠᠯ ᠤᠨ ᠪᠠᠶᠢᠰᠢᠩ》 ᠪᠦᠲᠦᠭᠡᠯ᠂ ᠪᠠᠷᠢᠮᠲᠠᠲᠤ ᠤᠷᠠᠨ ᠵᠣᠬᠢᠶᠠᠯ ᠤᠨ ᠲᠥᠷᠥᠯ ᠳᠦ ᠳ ∙ ᠱᠠᠭᠳᠤᠷᠰᠦ᠋ᠷᠦᠩ ᠦᠨ 《ᠰᠢᠯᠢᠳᠡᠭ ᠨᠡᠶᠢᠲᠡᠯᠡᠯ-87》 ᠪᠦᠲᠦᠭᠡᠯ᠂ ᠤᠳᠬ᠎ᠠ ᠵᠣᠬᠢᠶᠠᠯ ᠤᠨ ᠰᠤᠳᠤᠯᠤᠯ᠂ ᠰᠢᠭᠦᠮᠵᠢ ᠶᠢᠨ ᠲᠥᠷᠥᠯ ᠳᠦ ᠳ∙ᠪᠠᠲᠤᠰᠠᠶᠢᠬᠠᠨ ᠤ《ᠲᠢᠶᠠᠲ᠋ᠷ ᠤᠨ ᠲᠡᠦᠬᠡ》 ᠪᠦᠲᠦᠭᠡᠯ᠂ ᠤᠳᠬ᠎ᠠ ᠵᠣᠬᠢᠶᠠᠯ ᠤᠨ ᠣᠷᠴᠢᠭᠤᠯᠭ᠎ᠠ ᠶᠢᠨ ᠲᠥᠷᠥᠯ ᠳᠦ ᠣᠷᠴᠢᠭᠤᠯᠤᠭᠴᠢ ᠪ∙ᠭᠡᠷᠡᠯ ᠦᠨ ᠭ∙ᠮᠠᠷᠺᠧᠰ ᠦᠨ 《ᠡᠵᠡᠨᠲᠡᠨ ᠦ ᠨᠠᠮᠤᠷ》ᠷᠣᠮᠠᠨ᠂  ᠵᠦᠴᠦᠭᠡ᠂  ᠺᠢᠨᠤ᠋ ᠵᠣᠬᠢᠶᠠᠯ ᠤᠨ ᠲᠥᠷᠥᠯ ᠳᠦ ᠫ ∙ ᠪᠠᠲᠤᠬᠤᠶᠠᠭ ᠤᠨ 《ᠴᠢᠯᠠᠭᠤᠨ ᠪᠥᠮᠪᠥᠷ ᠦᠨ ᠨᠦᠷᠭᠢᠭᠡᠨ》 ᠵᠦᠴᠦᠭᠡ᠂  ᠬᠦᠦᠷᠨᠢᠯ ᠵᠣᠬᠢᠶᠠᠯ ᠤᠨ ᠥᠭᠦᠯᠡᠯᠭᠡ᠂ ᠲᠤᠭᠤᠵᠢ ᠶᠢᠨ ᠲᠥᠷᠥᠯ ᠳᠦ ᠪ ∙ ᠳᠣᠭᠮᠢᠳ ᠤᠨ《ᠪᠦᠷᠭᠦᠳ ᠲᠩᠷᠢ ᠳᠦ ᠬᠠᠯᠢᠳᠠᠭ》 ᠪᠦᠲᠦᠭᠡᠯ᠂ ᠬᠦᠦᠷᠨᠢᠯ ᠵᠣᠬᠢᠶᠠᠯ ᠤᠨ ᠲᠣᠮᠣ ᠬᠡᠮᠵᠢᠶᠡᠨ ᠦ ᠲᠥᠷᠥᠯ ᠳᠦ ᠨ ∙ ᠪᠠᠳᠮᠠᠵᠠᠪ ᠤᠨ 《ᠮᠣᠳᠣᠨ ᠰᠠᠬᠠᠯᠲᠤ》 ᠷᠣᠮᠠᠨ᠂ ᠢᠷᠠᠭᠤ ᠨᠠᠶᠢᠷᠠᠭ ᠤᠨ ᠲᠥᠷᠥᠯ ᠳᠦ ᠼ ∙ ᠳᠡᠯᠭᠡᠷᠮ᠎ᠠ ᠶᠢᠨ 《ᠵᠢᠷᠦᠬᠡᠨ ᠳᠦ ᠠᠭᠴᠢ ᠨᠠᠮᠤᠷ》 ᠪᠦᠲᠦᠭᠡᠯ ᠦᠳ ᠲᠤᠰ ᠲᠤᠰ ᠰᠢᠯᠭᠠᠷᠠᠯ᠎ᠠ᠃

ᠰᠡᠳᠬᠢᠭᠳᠡᠯ ᠦᠯᠡᠳᠡᠭᠡᠬᠦ