ᠣᠯᠢᠮᠫ ᠤᠨ ᠪᠠᠭ ᠤᠨ ᠬᠤᠪᠴᠠᠰᠤᠨ ᠤ ᠡᠴᠦᠰ ᠦᠨ ᠵᠠᠭᠪᠤᠷ ᠳᠡᠭᠡᠷᠡᠬᠢ ᠠᠯᠳᠠᠭ᠎ᠠ ᠶᠢ ᠵᠠᠰᠠᠭᠰᠠᠨ | News.MN

ᠣᠯᠢᠮᠫ ᠤᠨ ᠪᠠᠭ ᠤᠨ ᠬᠤᠪᠴᠠᠰᠤᠨ ᠤ ᠡᠴᠦᠰ ᠦᠨ ᠵᠠᠭᠪᠤᠷ ᠳᠡᠭᠡᠷᠡᠬᠢ ᠠᠯᠳᠠᠭ᠎ᠠ ᠶᠢ ᠵᠠᠰᠠᠭᠰᠠᠨ

ᠪᠡᠭᠡᠵᠢᠩ – 2022 ᠡᠪᠦᠯ ᠦᠨᠤᠯᠢᠮᠫ  ᠲᠤ ᠤᠷᠤᠯᠴᠠᠬᠤ ᠮᠣᠩᠭᠣᠯ ᠤᠯᠤᠰ ᠤᠨ ᠪᠠᠭ ᠤᠨ ᠬᠢᠨ ᠤ ᠡᠮᠥᠰᠬᠦ ᠬᠤᠪᠴᠠᠰᠤ᠂ ᠬᠡᠷᠡᠭᠰᠡᠯ ᠦᠳ ᠢ Michel᠊Amazonka ᠬᠠᠷᠢᠭᠤᠴᠠᠨ ᠠᠵᠢᠯᠯᠠᠵᠤ ᠪᠠᠶᠢᠨ᠎ᠠ᠃ 2022 ᠣᠨ ᠤ ᠬᠣᠶᠠᠳᠤᠭᠠᠷ ᠰᠠᠷ᠎ᠠ ᠶᠢᠨ 4  ᠦ ᠡᠳᠦᠷ ᠣᠯᠢᠮᠫ ᠤᠨ ᠬᠤᠪᠴᠠᠰᠤ ᠶᠢᠨ ᠠᠯᠪᠠᠨ ᠶᠣᠰᠣᠨ ᠤ ᠵᠢᠷᠤᠭ᠂ ᠮᠡᠳᠡᠭᠡᠯᠡᠯ ᠲᠠᠶᠢᠯᠪᠤᠷᠢ ᠶᠢ ᠥᠭᠬᠦ ᠪᠡᠷ ᠲᠦᠯᠦᠪᠯᠡᠵᠦ ᠪᠠᠢᠭᠰᠠᠨ ᠪᠤᠯᠪᠠᠴᠤ ᠣᠯᠠᠨ ᠨᠡᠶᠢᠲᠡ ᠶᠢᠨ ᠰᠦᠯᠵᠢᠶᠡᠨ ᠳᠦ ᠪᠤᠷᠤᠭᠤ ᠲᠠᠰᠢᠶ᠎ᠠ ᠣᠶᠢᠯᠠᠭᠠᠭᠳᠠᠬᠤ ᠪᠠᠷ ᠵᠢᠷᠤᠭ ᠮᠡᠳᠡᠭᠡᠯᠡᠯ ᠦᠳ ᠭᠠᠷᠴᠤ ᠪᠠᠶᠢᠭ᠎ᠠ ᠲᠤᠯᠠ ᠲᠤᠰ ᠺᠣᠮᠫᠠᠨᠢ  ᠵᠢᠷᠤᠭ  ᠤᠳ ᠢ ᠨᠢ ᠥᠴᠥᠭᠡᠳᠦᠷ ᠤᠷᠢᠳᠴᠢᠯᠠᠨ ᠨᠡᠶᠢᠲᠡᠯᠡᠭᠰᠡᠨ ᠪᠠᠶᠢᠨ᠎ᠠ᠃
ᠲᠡᠳᠡᠨ ᠦ ᠬᠢᠭᠰᠡᠨ ᠲᠠᠶᠢᠯᠪᠤᠷᠢ ᠳᠤ᠂ ᠬᠤᠪᠴᠠᠰᠤ ᠬᠡᠷᠡᠭᠯᠡᠯ ᠨᠢ ᠡᠴᠦᠰ ᠦᠨ ᠬᠤᠪᠢᠯᠪᠤᠷᠢ ᠪᠠᠷ ᠦᠢᠯᠡᠳᠪᠦᠷᠢᠯᠡᠭᠳᠡᠬᠦ ᠬᠦᠷᠲᠡᠯ᠎ᠡ ᠬᠡᠳᠦ ᠬᠡᠳᠦᠨ ᠤᠳᠠᠭ᠎ᠠ ᠶᠢᠨ ᠲᠤᠷᠰᠢᠯᠲᠠ ᠶᠢᠨ ᠵᠠᠭᠪᠤᠷ ᠭᠠᠷᠴᠤ ᠪᠠᠶᠢᠵᠤ ᠪᠠᠲᠤᠯᠠᠭᠳᠠᠳᠠᠭ᠃ ᠰᠤᠽᠢᠶᠠᠯ ᠤᠷᠴᠢᠨ ᠳᠤ ᠲᠠᠷᠬᠠᠭᠰᠠᠨ ᠵᠢᠷᠤᠭ ᠳᠡᠭᠡᠷᠡᠬᠢ ᠵᠠᠭᠪᠤᠷ ᠨᠢ ᠠᠩᠬᠠᠨ ᠤ ᠵᠠᠭᠪᠤᠷ ᠶᠤᠮ᠃ ᠮᠣᠩᠭᠣᠯ ᠤᠯᠤᠰ ᠤᠨ ᠪᠠᠭ ᠤᠨ ᠬᠢᠨ ᠤ ᠡᠮᠥᠰᠬᠦ ᠨᠣᠣᠰᠣᠨ ᠬᠣᠣᠰᠯᠠᠯ ᠤᠨ ᠡᠴᠦᠰ ᠦᠨ ᠵᠠᠭᠪᠤᠷ ᠳᠡᠭᠡᠷᠡᠬᠢ G ᠦᠰᠦᠭ ᠢ ᠲᠣᠳᠣᠷᠬᠠᠢ ᠪᠣᠯᠭᠠᠨ ᠵᠠᠰᠠᠭᠰᠠᠨ ᠪᠠᠶᠢᠭ᠎ᠠ ᠶᠢ ᠵᠢᠷᠤᠭᠤᠨ ᠠᠴᠠ ᠬᠠᠷᠠᠨ᠎ᠠ ᠤᠤ ᠭᠡᠵᠡᠢ᠃

《ᠠᠯᠳᠠᠭ᠎ᠠ ᠲᠠᠢ ᠬᠤᠪᠴᠠᠰᠤ ᠶᠢ ᠵᠠᠰᠠᠵᠤ᠂ ᠳᠠᠬᠢᠨ ᠦᠢᠯᠡᠳᠪᠦᠷᠢᠯᠡᠬᠦ ᠳᠦ ᠲᠥᠰᠥᠪ ᠡᠴᠡ ᠨᠡᠮᠡᠯᠲᠡ ᠵᠠᠷᠤᠳᠠᠯ ᠭᠠᠷᠤᠭ᠎ᠠ ᠦᠭᠡᠢ᠃ ᠦᠢᠯᠡᠳᠪᠦᠷᠢᠯᠡᠭᠴᠢ ᠥᠪᠡᠷ ᠢᠶᠡᠨ ᠬᠠᠷᠢᠭᠤᠴᠠᠭᠰᠠᠨ᠃ ᠮᠣᠩᠭᠣᠯ ᠤᠨ ᠰᠢᠭᠰᠢᠭᠡ ᠪᠠᠭ ᠤᠨ ᠲᠠᠮᠢᠷᠴᠢᠳ ᠠᠯᠳᠠᠭ᠎ᠠ ᠦᠭᠡᠢ ᠬᠤᠪᠴᠠᠰᠤ ᠪᠠᠨ ᠡᠮᠦᠰᠦᠭᠡᠳ ᠥᠨᠥᠳᠥᠷ ᠪᠡᠭᠡᠵᠢᠩ ᠬᠣᠲᠠ ᠶᠢ ᠵᠣᠷᠢᠵᠤ ᠪᠠᠶᠢᠨ᠎ᠠ》 ᠭᠡᠵᠦ ᠪᠡᠶ᠎ᠡ ᠶᠢᠨ ᠲᠠᠮᠢᠷ ᠰᠫᠤᠷᠲ ᠤᠨ ᠭᠠᠵᠠᠷ ᠤᠨ ᠳᠠᠷᠤᠭ᠎ᠠ ᠼ ∙ ᠰᠢᠷᠠᠪᠵᠠᠮᠰᠤ ᠴᠠᠬᠢᠮ ᠬᠠᠭᠤᠳᠠᠰᠤ ᠪᠠᠷ ᠢᠶᠠᠨ ᠳᠠᠮᠵᠢᠭᠤᠯᠤᠨ ᠮᠡᠳᠡᠭᠡᠯᠡᠵᠡᠢ᠃

ᠰᠡᠳᠬᠢᠭᠳᠡᠯ ᠦᠯᠡᠳᠡᠭᠡᠬᠦ