ᠬᠠᠷᠮᠠᠭᠲᠠᠢ᠂ ᠤᠯᠠᠭᠠᠨ ᠠᠭᠤᠯᠠ ᠲᠠᠯᠠᠪᠠᠢ ᠶᠢᠨ ᠬᠠᠶᠢᠭᠤᠯ ᠳᠤ 1.9 ᠰᠠᠶ᠎ᠠ ᠳ᠋ᠣᠯᠯᠠᠷ ᠵᠠᠷᠤᠴᠠᠭᠤᠯᠵᠠᠢ | News.MN

ᠬᠠᠷᠮᠠᠭᠲᠠᠢ᠂ ᠤᠯᠠᠭᠠᠨ ᠠᠭᠤᠯᠠ ᠲᠠᠯᠠᠪᠠᠢ ᠶᠢᠨ ᠬᠠᠶᠢᠭᠤᠯ ᠳᠤ 1.9 ᠰᠠᠶ᠎ᠠ ᠳ᠋ᠣᠯᠯᠠᠷ ᠵᠠᠷᠤᠴᠠᠭᠤᠯᠵᠠᠢ

ᠠᠦᠢᠰᠲᠷᠠᠯᠢᠶ᠎ᠠ ᠶᠢᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ Xanadu Mines ᠺᠣᠮᠫᠠᠨᠢ 2021 ᠣᠨ ᠤ ᠳᠦᠷᠪᠡᠳᠦᠭᠡᠷ ᠤᠯᠠᠷᠢᠯ ᠳᠤ ᠬᠠᠷᠮᠠᠭᠲᠠᠢ ᠪᠣᠯᠤᠨ ᠤᠯᠠᠭᠠᠨ ᠠᠭᠤᠯᠠ ᠲᠠᠯᠠᠪᠠᠢ ᠶᠢᠨ ᠬᠠᠶᠢᠭᠤᠯ ᠤᠨ ᠠᠵᠢᠯ ᠳᠤ 1.9 ᠰᠠᠶ᠎ᠠ ᠳ᠋ᠣᠯᠯᠠᠷ ᠵᠠᠷᠤᠴᠠᠭᠤᠯᠤᠭᠰᠠᠨ ᠢᠶᠠᠨ ᠮᠡᠳᠡᠭᠡᠯᠡᠯ᠎ᠡ᠃ ᠲᠤᠰ ᠺᠣᠮᠫᠠᠨᠢ ᠥᠩᠭᠡᠷᠡᠭᠰᠡᠨ ᠣᠨ ᠤ ᠳᠦᠷᠪᠡᠳᠦᠭᠡᠷ ᠤᠯᠠᠷᠢᠯ ᠳᠤ ᠬᠠᠷᠮᠠᠭᠲᠠᠢ ᠣᠷᠳᠣ ᠶᠢᠨ ᠠᠰᠢᠭᠲᠤ ᠮᠠᠯᠲᠠᠮᠠᠯ ᠤᠨ ᠨᠥᠭᠡᠴᠡ ᠶᠢᠨ ᠦᠨᠡᠯᠡᠭᠡ ᠶᠢ ᠰᠢᠨᠡᠴᠢᠯᠡᠨ ᠲᠣᠭᠲᠠᠭᠠᠭᠰᠠᠨ ᠶᠤᠮ᠃ ᠰᠢᠨᠡᠴᠢᠯᠡᠭᠰᠡᠨ ᠲᠣᠭᠠᠴᠠᠭᠠᠯᠠᠯ ᠢᠶᠠᠷ ᠭᠤᠷᠪᠠᠨ ᠰᠠᠶ᠎ᠠ ᠲᠣᠨ ᠵᠡᠰ᠂ ᠨᠠᠢ᠌ᠮᠠᠨ ᠰᠠᠶ᠎ᠠ ᠤᠨᠼ ᠠᠯᠲᠠᠨ ᠤ ᠠᠭᠤᠯᠭ᠎ᠠ ᠪᠦᠬᠦᠢ 1.1 ᠲᠡᠷᠪᠤᠮ ᠲᠣᠨ ᠪᠠᠶᠠᠵᠢᠮᠠᠯ ᠤᠨ ᠨᠥᠭᠡᠴᠡ ᠲᠡᠢ ᠪᠣᠯᠬᠤ ᠨᠢ ᠲᠣᠭᠲᠠᠭᠠᠭᠳᠠᠵᠠᠢ᠃  ᠰᠢᠨᠡᠴᠢᠯᠡᠭᠰᠡᠨ ᠲᠣᠭᠠᠴᠠᠭᠠᠯᠠᠯ ᠢᠶᠠᠷ ᠪᠠᠶᠠᠵᠢᠮᠠᠯ ᠤᠨ ᠨᠥᠭᠡᠴᠡ 89 ᠬᠤᠪᠢ ᠪᠠᠷ᠂ ᠵᠡᠰ ᠦᠨ ᠠᠭᠤᠯᠭ᠎ᠠ 52 ᠬᠤᠪᠢ ᠪᠠᠷ᠂ ᠠᠯᠲᠠᠨ ᠤ ᠠᠭᠤᠯᠭ᠎ᠠ 82 ᠬᠤᠪᠢ ᠪᠠᠷ ᠨᠡᠮᠡᠭᠳᠡᠭᠰᠡᠨ ᠪᠠᠶᠢᠨ᠎ᠠ᠃

ᠲᠡᠳᠡ ᠤᠯᠠᠭᠠᠨ ᠠᠭᠤᠯᠠ ᠬᠠᠶᠢᠭᠤᠯ ᠤᠨ ᠲᠠᠯᠠᠪᠠᠢ ᠶᠢ 100 ᠬᠤᠪᠢ ᠡᠵᠡᠮᠰᠢᠵᠦ᠂ ᠦᠢᠯᠡ ᠠᠵᠢᠯᠯᠠᠭ᠎ᠠ ᠶᠢ ᠨᠢ ᠪᠦᠷᠢᠨ ᠬᠠᠷᠢᠭᠤᠴᠠᠬᠤ ᠪᠠᠷ ᠪᠣᠯᠤᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ