ᠤᠭ᠍ᠶᠤᠲᠤᠯᠤᠭᠠᠢ ᠲᠥᠰᠥᠯ ᠢ ᠮᠣᠩᠭᠣᠯ ᠠᠴᠠ ᠴᠠᠬᠢᠯᠭᠠᠨ ᠢᠶᠠᠷ ᠬᠠᠩᠭᠠᠬᠤ ᠭᠡᠷ᠎ᠡ ᠳᠦ ᠭᠠᠷ ᠤᠨ ᠦᠰᠦᠭ ᠵᠢᠷᠤᠨ᠎ᠠ | News.MN

ᠤᠭ᠍ᠶᠤᠲᠤᠯᠤᠭᠠᠢ ᠲᠥᠰᠥᠯ ᠢ ᠮᠣᠩᠭᠣᠯ ᠠᠴᠠ ᠴᠠᠬᠢᠯᠭᠠᠨ ᠢᠶᠠᠷ ᠬᠠᠩᠭᠠᠬᠤ ᠭᠡᠷ᠎ᠡ ᠳᠦ ᠭᠠᠷ ᠤᠨ ᠦᠰᠦᠭ ᠵᠢᠷᠤᠨ᠎ᠠ

ᠤᠭ᠍ᠶᠤᠲᠤᠯᠤᠭᠠᠢ  ᠶᠢᠨ ᠭᠦᠨ ᠦ ᠠᠭᠤᠷᠬᠠᠢ ᠶᠢᠨ ᠪᠦᠲᠦᠭᠡᠨ ᠪᠠᠶᠢᠭᠤᠯᠤᠯᠲᠠ ᠶᠢᠨ ᠠᠵᠢᠯ ᠥᠴᠥᠭᠡᠳᠦᠷ︵2022.01.25︶ ᠠᠯᠪᠠᠨ ᠶᠣᠰᠣᠭᠠᠷ ᠡᠬᠢᠯᠡᠭᠰᠡᠨ᠃ ᠲᠡᠭᠡᠪᠡᠯ ᠥᠨᠥᠳᠥᠷ ᠤᠭ᠍ᠶᠤᠲᠤᠯᠤᠭᠠᠢ ᠲᠥᠰᠥᠯ ᠢ ᠮᠣᠩᠭᠣᠯ ᠤᠯᠤᠰ ᠤᠨ ᠡᠷᠴᠢᠮ ᠬᠦᠴᠦᠨ ᠦ ᠨᠢᠭᠡᠳᠦᠭᠰᠡᠨ ᠰᠦᠯᠵᠢᠶᠡᠨ ᠡᠴᠡ ᠴᠠᠬᠢᠯᠭᠠᠨ ᠢᠶᠠᠷ ᠬᠠᠩᠭᠠᠬᠤ ᠭᠡᠷ᠎ᠡ ᠶᠢ ᠦᠵᠦᠭᠯᠡᠬᠦ ᠶᠣᠰᠣᠯᠠᠯ ᠱᠠᠩᠷᠢᠯᠠ ᠵᠣᠴᠢᠳ ᠪᠠᠭᠤᠳᠠᠯ ᠳᠤ ᠪᠣᠯᠤᠨ᠎ᠠ᠃ ᠡᠮᠦᠨᠡᠭᠣᠪᠢ ᠠᠶᠢᠮᠠᠭ ᠤᠨ ᠬᠠᠨᠪᠣᠭᠳᠠ ᠰᠤᠮᠤᠨ ᠳᠤ ᠤᠷᠤᠰᠢᠬᠤ ᠤᠭ᠍ᠶᠤᠲᠤᠯᠤᠭᠠᠢ  ᠶᠢᠨ ᠠᠭᠤᠷᠬᠠᠢ ᠶᠢᠨ ᠴᠠᠬᠢᠯᠭᠠᠨ ᠢ ᠮᠣᠩᠭᠣᠯ ᠠᠴᠠ ᠪᠢᠰᠢ ᠬᠢᠲᠠᠳ  ᠠᠴᠠ ᠥᠨᠳᠥᠷ ᠲᠥᠯᠥᠪᠦᠷᠢ ᠲᠥᠯᠦᠵᠦ ᠠᠪᠳᠠᠭ᠃ ᠬᠠᠷᠢᠨ ᠡᠨᠡ ᠭᠡᠷ᠎ᠡ ᠶᠢ ᠬᠢᠭᠰᠡᠨ ᠢᠶᠡᠷ ᠴᠠᠬᠢᠯᠭᠠᠨ ᠢ ᠮᠣᠩᠭᠣᠯ ᠠᠴᠠ ᠠᠪᠬᠤ ᠨᠥᠬᠥᠴᠡᠯ ᠪᠥᠷᠢᠳᠴᠦ ᠪᠠᠶᠢᠭ᠎ᠠ ᠶᠤᠮ᠃
ᠤᠭ᠍ᠶᠤᠲᠤᠯᠤᠭᠠᠢ  ᠶᠢᠨ ᠭᠡᠷ᠎ᠡ ᠶᠢ ᠰᠠᠶᠢᠵᠢᠷᠠᠭᠤᠯᠬᠤ ᠰᠠᠨᠠᠯ ᠢ ᠮᠠᠨ ᠤ ᠲᠠᠯ᠎ᠠ ᠠᠴᠠ ᠲᠠᠯᠪᠢᠵᠤ ᠷᠢᠣ ᠲᠢᠨᠲ᠋ᠤ᠋ ᠬᠦᠯᠢᠶᠡᠵᠦ ᠠᠪᠤᠭᠰᠠᠨ᠃ ᠡᠨᠡ ᠰᠠᠨᠠᠯ ᠤᠳ ᠳᠤᠮᠳᠠ ᠮᠣᠩᠭᠣᠯ ᠠᠴᠠ ᠴᠠᠬᠢᠯᠭᠠᠨ᠂ ᠡᠷᠴᠢᠮ ᠬᠦᠴᠦ ᠠᠪᠬᠤ ᠲᠤᠬᠠᠢ ᠪᠠᠭᠲᠠᠭᠰᠠᠨ ᠪᠠᠶᠢᠭᠰᠠᠨ ᠶᠤᠮ᠃  ᠡᠭᠦᠨ ᠳᠦ ᠲᠠᠪᠤᠨᠲᠣᠯᠣᠭᠠᠢ ᠴᠠᠬᠢᠯᠭᠠᠨ ᠰᠲ᠋ᠠᠨᠼ ᠢ ᠪᠠᠷᠢᠬᠤ ᠱᠠᠭᠠᠷᠳᠠᠯᠭ᠎ᠠ ᠪᠤᠢ ᠪᠥᠭᠡᠳ ᠤᠭ ᠠᠵᠢᠯ ᠢ ᠬᠢᠵᠦ ᠡᠬᠢᠯᠡᠭᠡᠳ ᠪᠠᠶᠢᠭ᠎ᠠ ᠪᠢᠯᠡ᠃

ᠰᠡᠳᠬᠢᠭᠳᠡᠯ ᠦᠯᠡᠳᠡᠭᠡᠬᠦ