ᠬᠡᠢ ᠶᠢᠨ ᠬᠣᠭᠣᠯᠠᠢ ᠶᠢᠨ ᠲᠸᠭᠨᠢᠭ ᠡᠳ᠋ ᠦᠨ ᠵᠠᠰᠠᠭ ᠤᠨ ᠦᠨᠳᠦᠰᠦᠯᠡᠯ ᠢ ᠡᠴᠦᠰᠯᠡᠭᠰᠡᠨ ᠲᠤᠬᠠᠢ ᠲᠡᠮᠳᠡᠭᠯᠡᠯ ᠳᠦ ᠭᠠᠷ ᠤᠨ ᠦᠰᠦᠭ ᠵᠢᠷᠤᠯ᠎ᠠ | News.MN

ᠬᠡᠢ ᠶᠢᠨ ᠬᠣᠭᠣᠯᠠᠢ ᠶᠢᠨ ᠲᠸᠭᠨᠢᠭ ᠡᠳ᠋ ᠦᠨ ᠵᠠᠰᠠᠭ ᠤᠨ ᠦᠨᠳᠦᠰᠦᠯᠡᠯ ᠢ ᠡᠴᠦᠰᠯᠡᠭᠰᠡᠨ ᠲᠤᠬᠠᠢ ᠲᠡᠮᠳᠡᠭᠯᠡᠯ ᠳᠦ ᠭᠠᠷ ᠤᠨ ᠦᠰᠦᠭ ᠵᠢᠷᠤᠯ᠎ᠠ

ᠮᠣᠩᠭᠣᠯ ᠤᠯᠤᠰ ᠤᠨ ᠰᠢᠳᠠᠷ ᠰᠠᠶᠢᠳ ᠰ∙ᠠᠮᠤᠷᠰᠠᠶᠢᠬᠠᠨ ᠣᠷᠣᠰ  ᠤᠨ《ᠭᠠᠰᠫᠷᠣᠮ》 ᠤᠨ ᠤᠳᠤᠷᠢᠳᠬᠤ ᠵᠥᠪᠯᠡᠯ ᠦᠨ ᠳᠠᠷᠤᠭ᠎ᠠ ᠠ᠊∙ᠪ∙ᠮᠢᠯᠯᠧᠷ ᠲᠡᠢ ᠥᠨᠥᠳᠥᠷ ᠴᠠᠬᠢᠮ ᠠᠭᠤᠯᠵᠠᠯᠲᠠ ᠬᠢᠵᠦ᠂ ᠣᠷᠣᠰ ᠠᠴᠠ ᠬᠢᠲᠠᠳ ᠤᠷᠤᠭᠤ ᠮᠣᠩᠭᠣᠯ ᠤᠯᠤᠰ ᠤᠨ ᠨᠤᠲᠤᠭ ᠳᠡᠪᠢᠰᠬᠡᠷ ᠢᠶᠡᠷ ᠳᠠᠮᠵᠢᠭᠤᠯᠤᠨ ᠪᠠᠢᠭᠠᠯᠢ ᠶᠢᠨ ᠬᠡᠢ ᠶᠢᠨ ᠬᠣᠭᠣᠯᠠᠢ ᠲᠠᠯᠪᠢᠬᠤ ᠲᠥᠰᠥᠯ ᠦᠨ ᠲᠧᠭᠨᠢᠭ᠂ ᠡᠳ᠋  ᠦᠨ ᠵᠠᠰᠠᠭ ᠤᠨ ᠦᠨᠳᠦᠰᠦᠯᠡᠯ  ᠢ ᠡᠴᠦᠰᠯᠡᠭᠰᠡᠨ ᠲᠤᠬᠠᠢ ᠲᠡᠮᠳᠡᠭᠯᠡᠯ ᠳᠦ ᠭᠠᠷ ᠤᠨ ᠦᠰᠦᠭ ᠵᠢᠷᠤᠯ᠎ᠠ᠃

ᠰᠢᠳᠠᠷ ᠰᠠᠶᠢᠳ ᠰ∙ᠠᠮᠤᠷᠰᠠᠶᠢᠬᠠᠨ᠄ ᠭᠤᠷᠪᠠᠨ ᠤᠯᠤᠰ ᠢ ᠳᠠᠮᠨᠠᠭᠰᠠᠨ ᠳᠡᠳ᠋ ᠪᠦᠲᠦᠴᠡ ᠶᠢᠨ ᠡᠨᠡ ᠬᠦ ᠲᠤᠮᠤ ᠲᠥᠰᠥᠯ ᠦᠨ ᠲᠸᠭᠨᠢᠭ ᠡᠳ᠋ ᠦᠨ ᠵᠠᠰᠠᠭ ᠤᠨ ᠦᠨᠳᠦᠰᠦᠯᠡᠯ  ᠢ ᠬᠤᠭᠤᠴᠠᠭᠠᠨ ᠠᠴᠠ ᠨᠢ ᠡᠮᠦᠨ᠎ᠡ ᠠᠮᠵᠢᠯᠲᠠ ᠲᠠᠢ ᠪᠣᠯᠪᠠᠰᠤᠷᠠᠭᠤᠯᠵᠤ ᠳᠠᠭᠤᠰᠬᠠᠭᠰᠠᠨ ᠳᠤ ᠪᠠᠶᠠᠷ ᠲᠠᠢ ᠪᠠᠶᠢᠨ᠎ᠠ᠃  ᠪᠠᠢᠭᠠᠯᠢ ᠶᠢᠨ ᠬᠡᠢ ᠶᠢᠨ ᠬᠣᠭᠣᠯᠠᠢ ᠶᠢᠨ ᠲᠥᠰᠥᠯ ᠴᠠᠷ᠎ᠠ ᠲᠠᠬᠤᠯ ᠤᠨ ᠬᠦᠨᠳᠦ ᠬᠡᠴᠡᠭᠦᠦ ᠨᠥᠬᠥᠴᠡᠯ ᠪᠠᠶᠢᠳᠠᠯ ᠠᠴᠠ ᠦᠯᠦ ᠬᠠᠮᠢᠶᠠᠷᠤᠨ ᠬᠠᠮᠲᠤᠷᠠᠨ ᠪᠠᠲᠤᠯᠠᠭᠰᠠᠨ ᠲᠥᠯᠦᠪᠯᠡᠭᠡᠨ ᠦ ᠳᠠᠭᠠᠤ ᠠᠮᠵᠢᠯᠲᠠᠲᠠᠢ ᠬᠡᠷᠡᠭᠵᠢᠵᠦ ᠪᠠᠶᠢᠨ᠎ᠠ ᠬᠡᠮᠡᠨ ᠣᠨᠴᠠᠯᠠᠭᠰᠠᠨ᠃ ᠡᠨᠡ ᠬᠦ ᠪᠠᠢᠭᠠᠯᠢ ᠶᠢᠨ ᠬᠡᠢ ᠶᠢᠨ ᠬᠣᠭᠣᠯᠠᠢ ᠶᠢᠨ ᠲᠥᠰᠥᠯ ᠨᠢ ᠮᠠᠨ ᠤ ᠬᠣᠶᠠᠷ ᠣᠷᠣᠨ ᠤ ᠬᠣᠭᠣᠷᠣᠨᠳᠣ ᠬᠥᠭᠵᠢᠭᠦᠯᠵᠦ ᠪᠤᠢ 《ᠢᠵᠢ ᠪᠦᠷᠢᠨ ᠰᠲᠷᠠᠲ᠋ᠧᠭᠢ ᠶᠢᠨ ᠲᠦᠩᠰᠢᠯᠡᠯ》 ᠢ ᠪᠠᠶᠠᠵᠢᠭᠤᠯᠤᠨ ᠥᠷᠭᠡᠵᠢᠭᠦᠯᠬᠦ ᠳᠦ ᠴᠢᠬᠤᠯᠠ ᠠᠴᠢ ᠬᠣᠯᠪᠣᠭᠳᠠᠯ ᠲᠠᠢ ᠲᠥᠰᠥᠯ  ᠶᠤᠮ᠃

 

ᠰᠡᠳᠬᠢᠭᠳᠡᠯ ᠦᠯᠡᠳᠡᠭᠡᠬᠦ