ᠮᠣᠩᠭᠣᠯ ᠤᠯᠤᠰ ᠠᠪᠯᠢᠭ᠎ᠠ ᠶᠢᠨ ᠢᠨᠳᠧᠺᠰ ᠢᠶᠡᠷ ᠨᠢᠭᠡ ᠪᠠᠶᠢᠷᠢ ᠤᠷᠤᠭᠰᠢᠯᠠᠵᠠᠢ | News.MN

ᠮᠣᠩᠭᠣᠯ ᠤᠯᠤᠰ ᠠᠪᠯᠢᠭ᠎ᠠ ᠶᠢᠨ ᠢᠨᠳᠧᠺᠰ ᠢᠶᠡᠷ ᠨᠢᠭᠡ ᠪᠠᠶᠢᠷᠢ ᠤᠷᠤᠭᠰᠢᠯᠠᠵᠠᠢ

《ᠲᠷᠡᠨᠰᠫᠡᠷᠡᠨᠰᠢ ᠢᠨᠲ᠋ᠧᠷᠨᠧᠱᠨᠢᠯ ᠮᠣᠩᠭᠣᠯ》 ᠲᠥᠷᠥ ᠶᠢᠨ ᠪᠤᠰᠤ ᠪᠠᠶᠢᠭᠤᠯᠤᠯᠭ᠎ᠠ ᠠᠴᠠ 2021ᠣᠨ ᠤ ᠠᠪᠯᠢᠭ᠎ᠠ ᠶᠢᠨ ᠲᠥᠰᠥᠭᠡᠯᠡᠯ ᠦᠨ ᠢᠨᠳᠧᠺᠰ ᠢ ᠵᠠᠷᠯᠠᠯ᠎ᠠ᠃ ᠲᠤᠰ ᠪᠠᠶᠢᠭᠤᠯᠤᠯᠭ᠎ᠠ ᠶᠢᠨ ᠲᠡᠷᠢᠭᠦᠨ ᠯ∙ᠲᠥᠷᠥ-ᠣᠳᠣ ᠄ ᠥᠨᠥᠳᠥᠷ ᠵᠠᠷᠯᠠᠵᠤ ᠪᠠᠶᠢᠭ᠎ᠠ  ᠠᠪᠯᠢᠭ᠎ᠠ ᠶᠢᠨ ᠲᠥᠰᠥᠭᠡᠯᠡᠯ ᠦᠨ ᠢᠨᠳᠧᠺᠰ ᠲᠦ ᠳᠡᠯᠡᠬᠡᠢ ᠶᠢᠨ 180 ᠣᠷᠣᠨ ᠬᠠᠮᠤᠷᠤᠭᠳᠠᠭᠰᠠᠨ᠃ ᠮᠣᠩᠭᠣᠯ ᠤᠯᠤᠰ ᠤᠨ ᠠᠪᠯᠢᠭ᠎ᠠ ᠲᠠᠢ ᠬᠢᠬᠦ ᠲᠡᠮᠡᠴᠡᠯ 2015 ᠣᠨ ᠳᠤ ᠬᠠᠮᠤᠭ ᠤᠨ ᠳᠡᠭᠡᠳᠦ ᠪᠤᠶᠤ 39 ᠣᠨᠣᠭ᠎ᠠ ᠠᠪᠴᠤ ᠪᠠᠶᠢᠭᠰᠠᠨ ᠪᠣᠯ ᠲᠡᠭᠦᠨ ᠡᠴᠡ ᠬᠣᠶᠢᠰᠢ ᠪᠠᠭᠤᠷᠠᠭᠰᠠᠭᠠᠷ ᠰᠡᠭᠦᠯ ᠦᠨ ᠭᠤᠷᠪᠠᠨ ᠵᠢᠯ 35 ᠣᠨᠣᠭ᠎ᠠ ᠲᠠᠢ ᠪᠠᠶᠢᠨ᠎ᠠ᠃ ᠬᠠᠷᠢᠨ ᠮᠠᠨ ᠤ ᠬᠥᠷᠰᠢ ᠪᠣᠯᠬᠤ ᠬᠢᠲᠠᠳ ᠤᠯᠤᠰ 2014 ᠣᠨ ᠠᠴᠠ ᠬᠣᠶᠢᠰᠢ ᠡᠨᠡ ᠬᠦ ᠦᠵᠡᠭᠦᠯᠦᠯᠲᠡ ᠶᠢ ᠶᠢᠰᠦᠨ ᠣᠨᠣᠭ᠎ᠠ ᠪᠠᠷ ᠨᠡᠮᠡᠭᠳᠡᠭᠦᠯᠦᠭᠰᠡᠨ ᠨᠢ ᠠᠪᠯᠢᠭ᠎ᠠ ᠲᠠᠢ ᠬᠢᠬᠦ ᠲᠡᠮᠡᠴᠡᠯ ᠨᠢ ᠲᠤᠤᠱᠲᠠᠢ ᠦᠷ᠎ᠡ ᠳ᠋ᠦᠩ ᠲᠡᠢ ᠪᠠᠶᠢᠭ᠎ᠠ ᠶᠢ ᠬᠠᠷᠠᠭᠤᠯᠵᠤ ᠪᠠᠶᠢᠨ᠎ᠠ᠃
ᠮᠣᠩᠭᠣᠯ ᠤᠯᠤᠰ ᠤᠨ ᠬᠤᠪᠢ ᠳᠤ ᠠᠪᠯᠢᠭ᠎ᠠ ᠶᠢᠨ ᠲᠥᠰᠥᠭᠡᠯᠡᠯ ᠦᠨ ᠢᠨᠳᠧᠺᠰ ᠢ ᠲᠣᠭᠲᠠᠭᠠᠬᠤ ᠳᠤ ᠪᠠᠨ 8-9 ᠡᠬᠢ ᠰᠤᠷᠪᠤᠯᠵᠢ ᠠᠰᠢᠭᠯᠠᠭᠰᠠᠨ᠃ ᠲᠤᠬᠠᠶᠢᠯᠠᠪᠠᠯ᠂  ᠰᠸᠢᠰ ᠲᠥᠪ ᠲᠡᠢ ᠣᠯᠠᠨ ᠤᠯᠤᠰ ᠤᠨ ᠦᠷᠢᠰᠦᠯᠳᠦᠬᠦ ᠴᠢᠳᠠᠪᠤᠷᠢ ᠶᠢᠨ ᠲᠥᠪ ᠂ ᠳᠡᠯᠡᠬᠡᠢ ᠶᠢᠨ ᠡᠳ᠋  ᠦᠨ ᠵᠠᠰᠠᠭ ᠤᠨ ᠹᠣᠷᠣᠮ  ᠵᠡᠷᠭᠡ ᠪᠠᠢᠭᠤᠯᠤᠯᠭ᠎ᠠ ᠶᠢᠨ ᠭᠠᠷᠭᠠᠭᠰᠠᠨ ᠦᠵᠡᠭᠦᠯᠦᠯᠲᠡ ᠨᠦᠭᠦᠳ ᠢ ᠨᠢᠭᠡᠳᠬᠡᠬᠦ ᠳᠦ ᠮᠠᠨ ᠤ ᠤᠯᠤᠰ 35 ᠣᠨᠣᠭ᠎ᠠ ᠠᠪᠤᠭᠰᠠᠨ ᠪᠠᠶᠢᠨ᠎ᠠ᠃ 2020 ᠣᠨ ᠳᠤ 35 ᠤᠨᠤᠭ᠎ᠠ ᠲᠠᠢ ᠪᠠᠷ 111  ᠳ᠋ᠤᠭᠡᠷ ᠲᠦ ᠪᠠᠶᠢᠭᠰᠠᠨ ᠪᠣᠯ ᠡᠨᠡ ᠣᠨ ᠳᠤ ᠣᠨᠣᠭ᠎ᠠ ᠪᠠᠭᠤᠷᠠᠭ᠎ᠠ ᠦᠭᠡᠢ 110 ᠳᠦ ᠣᠷᠣᠭᠰᠠᠨ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ