︽ᠰᠢᠷ᠎ᠠ ᠶᠢᠨ ᠭᠣᠣᠯ︾ ᠪᠠᠭ ᠤᠯᠤᠰ ᠤᠨ ᠠᠪᠤᠷᠭᠤ ᠪᠣᠯᠪᠠ | News.MN

︽ᠰᠢᠷ᠎ᠠ ᠶᠢᠨ ᠭᠣᠣᠯ︾ ᠪᠠᠭ ᠤᠯᠤᠰ ᠤᠨ ᠠᠪᠤᠷᠭᠤ ᠪᠣᠯᠪᠠ

ᠮᠣᠩᠭᠣᠯ ᠤᠨ ᠬᠣᠺᠺᠧᠢ ᠶᠢᠨ ᠬᠣᠯᠪᠣᠭᠠᠨ ᠤ 2022 ᠣᠨ ᠤ ᠵᠠᠯᠠᠭᠤᠴᠤᠳ ᠤᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠤᠯᠠᠭᠠᠨᠪᠠᠭᠠᠲᠤᠷ ᠬᠣᠲᠠ ᠶᠢᠨ 15 ᠳ᠋ᠤᠭᠠᠷ ᠬᠣᠷᠢᠶᠠᠯᠠᠯ  ᠳ᠋ᠡᠬᠢ 《ᠣᠳᠬᠣᠨ-ᠣᠳᠣ》  ᠺᠯᠦ᠋ᠪ ᠤᠨ 《 ᠪᠯᠠᠰᠲ》 ᠪᠠᠭ ᠤᠨ ᠮᠥᠰᠦᠨ ᠲᠠᠯᠠᠪᠠᠢ ᠳᠤ ᠵᠣᠬᠢᠶᠠᠨ ᠪᠠᠶᠢᠭᠤᠯᠤᠭᠳᠠᠯ᠎ᠠ᠃
ᠲᠡᠮᠡᠴᠡᠭᠡᠨ ᠦ ᠠᠪᠤᠷᠭᠤ ᠪᠠᠷ ᠰᠢᠷ᠎ᠠ ᠶᠢᠨ ᠭᠣᠣᠯ ᠪᠠᠭ ᠲᠣᠳᠣᠷᠠᠭᠰᠠᠨ ᠶᠤᠮ᠃  ᠲᠡᠳᠡ 《 ᠬᠠᠨ ᠭᠠᠷᠤᠳᠢ》 ᠪᠠᠭ ᠢ 3᠄2  ᠢᠶᠠᠷ ᠪᠠᠭᠤᠯᠭᠠᠨ ᠠᠪᠤᠭᠰᠠᠨ᠃ ᠲᠡᠭᠡᠪᠡᠯ ᠲᠠᠯᠠᠪᠠᠢ ᠶᠢᠨ ᠡᠵᠡᠨ 《ᠪᠯᠠᠰᠲ》 ᠪᠠᠭ ᠬᠦᠷᠡᠯ ᠮᠧᠳᠠᠯ ᠤᠨ ᠲᠥᠯᠦᠭᠡᠬᠢ ᠲᠤᠭᠯᠠᠯᠲᠠ ᠳᠤ 《ᠬᠥᠬᠡ ᠴᠢᠨᠣ᠎ᠠ》ᠪᠠᠭ ᠲᠠᠢ ᠦᠨᠳᠦᠰᠦᠨ ᠴᠠᠭ 2᠄2  ᠢᠶᠠᠷ ᠲᠡᠩᠴᠡᠵᠦ ᠤᠯᠠᠮ ᠢᠶᠠᠷ ᠨᠡᠮᠡᠯᠲᠡ ᠴᠠᠭ ᠲᠤ ᠢᠯᠠᠯᠲᠠ ᠪᠠᠢᠭᠤᠯᠪᠠ᠃
ᠲᠡᠮᠡᠴᠡᠭᠡᠨ ᠦ ᠰᠢᠯᠢᠳᠡᠭ ᠬᠠᠭᠠᠯᠭᠠᠴᠢ ᠪᠠᠷ ᠪ∙ᠪᠠᠲᠤᠪᠠᠶᠠᠵᠢᠬᠤ᠂ ᠬᠠᠮᠠᠭᠠᠯᠠᠭᠴᠢ ᠪᠠᠷ ᠤ᠊∙ᠨᠢᠮᠠᠳᠠᠸᠠ᠂ ᠳᠣᠪᠲᠣᠯᠤᠭᠴᠢ ᠪᠠᠷ ᠪ∙ᠡᠩᠬᠡᠪᠠᠲᠤ ᠂ ᠲᠡᠭᠰᠢ ᠲᠣᠭᠯᠠᠭᠴᠢ ᠪᠠᠷ ᠮ∙ᠴᠢᠩᠵᠤᠯᠪᠤᠭ᠎ᠠ᠂ ᠥᠰᠬᠦ ᠢᠷᠡᠭᠡᠳᠦᠢ ᠲᠡᠢ ᠲᠣᠭᠯᠠᠭᠴᠢ ᠪᠠᠷ ᠠᠷᠢᠭᠤᠨᠪᠢᠯᠢᠭ᠌᠂ ᠠᠮᠤᠷᠲᠦ᠋ᠷᠤ ᠨᠠᠷ ᠲᠤᠰ ᠲᠤᠰ ᠲᠣᠳᠣᠷᠠᠪᠠ᠃

ᠰᠡᠳᠬᠢᠭᠳᠡᠯ ᠦᠯᠡᠳᠡᠭᠡᠬᠦ