ᠮᠢᠶᠠᠲ ᠺᠣᠮᠫᠠᠨᠢ ᠣᠷᠣᠰ ᠤᠨ ᠨᠢᠰᠬᠦ ᠣᠩᠭᠣᠴᠠᠨ ᠤ ᠲᠧᠭᠨᠢᠭ ᠦᠨ ᠦᠢᠯᠡᠴᠢᠯᠡᠭᠡ ᠶᠢ ᠬᠢᠵᠦ ᠪᠠᠶᠢᠨ᠎ᠠ | News.MN

ᠮᠢᠶᠠᠲ ᠺᠣᠮᠫᠠᠨᠢ ᠣᠷᠣᠰ ᠤᠨ ᠨᠢᠰᠬᠦ ᠣᠩᠭᠣᠴᠠᠨ ᠤ ᠲᠧᠭᠨᠢᠭ ᠦᠨ ᠦᠢᠯᠡᠴᠢᠯᠡᠭᠡ ᠶᠢ ᠬᠢᠵᠦ ᠪᠠᠶᠢᠨ᠎ᠠ

ᠦᠨᠳᠦᠰᠦᠨ ᠦ ᠲᠡᠭᠡᠭᠡᠪᠦᠷᠢᠯᠡᠭᠴᠢ᠂ ᠢᠷᠭᠡᠨ ᠦ ᠠᠭᠠᠷ ᠤᠨ ᠲᠡᠭᠡᠭᠡᠪᠦᠷᠢ ᠶᠢᠨ ᠮᠢᠶᠠᠲ ᠺᠣᠮᠫᠠᠨᠢ ᠶᠢᠨ ᠠᠭᠠᠷ ᠤᠨ ᠬᠥᠯᠭᠡ ᠶᠢᠨ ᠵᠠᠰᠠᠪᠤᠷᠢ ᠦᠢᠯᠡᠴᠢᠯᠡᠭᠡᠨ ᠦ ᠭᠠᠵᠠᠷ ᠭᠠᠳᠠᠭᠠᠳᠤ ᠣᠷᠣᠨ ᠨᠤᠭᠤᠳ ᠤᠨ ᠨᠢᠰᠬᠦ ᠣᠩᠭᠣᠴᠠᠨ ᠤ ᠲᠧᠭᠨᠢᠭ ᠦᠢᠯᠡᠴᠢᠯᠡᠭᠡ ᠶᠢ ᠬᠢᠵᠦ ᠭᠦᠢᠴᠡᠳᠭᠡᠳᠡᠭ᠃ ᠡᠨᠡ ᠤᠳᠠᠭ᠎ᠠ ᠣᠷᠣᠰ  ᠤᠨRoyal Flight ᠺᠣᠮᠫᠠᠨᠢ ᠶᠢᠨ VQ-BRF ᠪᠦᠷᠢᠳᠬᠡᠯ ᠦᠨ ᠳ᠋ᠤᠭᠠᠷ ᠲᠠᠢ В737-800 ᠠᠭᠠᠷ ᠤᠨ  ᠬᠦᠯᠭᠡ ᠲᠧᠭᠨᠢᠭ ᠦᠨ ᠦᠢᠯᠡᠴᠢᠯᠡᠭᠡ ᠬᠢᠯᠭᠡᠬᠦ ᠪᠡᠷ ᠮᠠᠨ ᠤ ᠤᠯᠤᠰ ᠲᠤ ᠪᠠᠭᠤᠭᠠᠳ ᠪᠠᠶᠢᠨ᠎ᠠ᠃

ᠲᠤᠰ ᠣᠩᠭᠣᠴᠠ С ᠬᠡᠯᠪᠡᠷᠢ ᠶᠢᠨ ᠲᠧᠭᠨᠢᠭ ᠦᠨ ᠦᠢᠯᠡᠴᠢᠯᠡᠭᠡ ᠬᠢᠯᠭᠡᠬᠦ ᠪᠥᠭᠡᠳ 11 ᠬᠣᠨᠣᠭ ᠤᠨ ᠬᠤᠭᠤᠴᠠᠭᠠᠨ ᠳᠤ ᠨᠡᠶᠢᠲᠡ 1800 ᠬᠦᠮᠦᠨ ᠴᠠᠭ ᠵᠠᠷᠤᠴᠠᠭᠤᠯᠬᠤ ᠲᠣᠮᠣᠬᠠᠨ ᠬᠡᠮᠵᠢᠶᠡᠨ ᠦ ᠭᠦᠢᠴᠡᠳᠬᠡᠯ ᠲᠡᠢ ᠶᠤᠮ᠃

ᠰᠡᠳᠬᠢᠭᠳᠡᠯ ᠦᠯᠡᠳᠡᠭᠡᠬᠦ