2.3 ᠲᠡᠷᠪᠤᠮ ᠳ᠋ᠣᠯᠯᠠᠷ ᠤᠨ ᠦᠷᠢ ᠶᠢ ᠪᠦᠷᠢᠨ ᠲᠡᠭᠯᠡᠪᠡ | News.MN

2.3 ᠲᠡᠷᠪᠤᠮ ᠳ᠋ᠣᠯᠯᠠᠷ ᠤᠨ ᠦᠷᠢ ᠶᠢ ᠪᠦᠷᠢᠨ ᠲᠡᠭᠯᠡᠪᠡ

ᠡᠷᠳᠡᠨᠢᠰ ᠤᠭ᠍ᠶᠤᠲᠤᠯᠤᠭᠠᠢ ᠺᠤᠮᠫᠠᠨᠢ ᠶᠢᠨ ᠭᠦᠢᠴᠡᠳᠭᠡᠬᠦ ᠵᠠᠬᠢᠷᠤᠯ ᠨ ∙ ᠴᠡᠷᠡᠩᠪᠠᠲᠤ  ᠲᠤᠷᠺᠤᠢᠰ ᠾᠢᠯᠯ ᠷᠧᠰᠤᠷᠰᠧᠰ ᠺᠣᠮᠫᠠᠨᠢ ᠶᠢᠨ ᠰᠠᠩᠬᠦᠦ ᠡᠷᠬᠢᠯᠡᠭᠰᠡᠨ ᠵᠠᠬᠢᠷᠤᠯ ᠯᠶᠤᠶᠢᠺ ᠺᠣᠯᠲᠠᠨ《 ᠦᠷᠢ ᠶᠢ ᠬᠦᠴᠦᠨ ᠦᠭᠡᠢ ᠪᠣᠯᠭᠠᠭᠰᠠᠨ ᠲᠤᠬᠠᠢ ᠪᠣᠯᠤᠨ ᠣᠳᠣ ᠶᠢᠨ ᠦᠯᠡᠳᠡᠭᠳᠡᠯ ᠲᠥᠯᠦᠪᠦᠷᠢ ᠶᠢᠨ ᠲᠤᠬᠠᠢ》 ᠪᠠᠲᠤᠯᠠᠮᠵᠢ ᠳᠤ ᠥᠨᠥᠳᠥᠷ ᠭᠠᠷ ᠤᠨ ᠦᠰᠦᠭ ᠵᠢᠷᠤᠵᠤ᠂ ᠤᠭ᠍ᠶᠤᠲᠤᠯᠤᠭᠠᠢ ᠲᠥᠰᠦᠯ ᠳ᠋ᠡᠬᠢ ᠮᠣᠩᠭᠣᠯ ᠤᠯᠤᠰ ᠤᠨ ᠡᠵᠡᠮᠰᠢᠯ ᠦᠨ 34 ᠬᠤᠪᠢ ᠳᠤ ᠨᠣᠭᠳᠠᠬᠤ 2.3 ᠲᠡᠷᠪᠤᠮ ᠳ᠋ᠣᠯᠯᠠᠷ ᠤᠨ ᠦᠷᠢ ᠶᠢ ᠪᠥᠷᠢᠨ ᠲᠢᠭᠯᠡᠵᠦ ᠪᠠᠶᠢᠨ᠎ᠠ᠃

ᠮᠦᠨ ᠲᠡᠭᠦᠨᠴᠢᠯᠡᠨ ᠭᠦᠨ ᠦ ᠠᠭᠤᠷᠬᠠᠢ ᠠᠰᠢᠭᠯᠠᠯᠲᠠ ᠳᠤ ᠣᠷᠣᠵᠤ ᠣᠯᠪᠤᠷᠢᠯᠠᠯᠲᠠ ᠡᠬᠢᠯᠡᠬᠦ ᠬᠤᠭᠤᠴᠠᠭ᠎ᠠ ᠪᠤᠶᠤ 2023 ᠣᠨ ᠤ ᠡᠬᠢᠨ ᠦ ᠬᠠᠭᠠᠰ ᠬᠦᠷᠲᠡᠯᠡᠬᠢ ᠨᠡᠮᠡᠯᠲᠡ ᠵᠠᠷᠤᠳᠠᠯ ᠢ ᠬᠥᠷᠥᠩᠭᠡ ᠣᠷᠣᠭᠤᠯᠤᠭᠴᠢ ᠲᠠᠯ᠎ᠠ 100 ᠬᠤᠪᠢ ᠬᠠᠷᠢᠭᠤᠴᠠᠵᠤ ᠡᠷᠳᠡᠨᠢᠰ ᠤᠭ᠍ᠶᠤᠲᠤᠯᠤᠭᠠᠢ ᠺᠤᠮᠫᠠᠨᠢ ᠳᠤ ᠨᠡᠮᠡᠯᠲᠡ ᠦᠷᠢ ᠡᠭᠦᠰᠬᠡᠬᠦ ᠦᠭᠡᠢ ᠪᠠᠶᠢᠬᠤ᠂ ᠲᠥᠰᠥᠯ ᠢ ᠮᠣᠩᠭᠣᠯ ᠤᠯᠤᠰ ᠤᠨ ᠡᠷᠴᠢᠮ ᠬᠦᠴᠦᠨ ᠦ ᠨᠢᠭᠡᠳᠦᠭᠰᠡᠨ ᠰᠦᠯᠵᠢᠶᠡᠨ ᠡᠴᠡ ᠴᠠᠬᠢᠯᠭᠠᠨ ᠡᠷᠴᠢᠮ ᠬᠦᠴᠦ ᠪᠡᠷ ᠬᠠᠩᠭᠠᠬᠤ ᠰᠠᠨᠠᠯ ᠢ ᠲᠤᠰᠬᠠᠭᠠᠳ ᠪᠤᠢ ᠶᠤᠮ᠃ ᠮᠥᠨ ᠡᠭᠦᠰᠬᠡᠭᠡᠳ ᠪᠤᠢ ᠠᠷᠪᠢᠲ᠋ᠧᠷ ᠤᠨ ᠮᠠᠷᠭᠤᠭᠠᠨ ᠢ ᠵᠢᠷᠭᠤᠭᠠᠨ ᠰᠠᠷ᠎ᠠ ᠪᠠᠷ ᠬᠣᠶᠢᠰᠢᠯᠠᠭᠤᠯᠵᠤ᠂ ᠡᠪ ᠦᠨ ᠵᠢᠷᠤᠮ ᠢᠶᠠᠷ ᠰᠢᠢᠳᠪᠦᠷᠢᠯᠡᠬᠦ ᠰᠠᠨᠠᠯ ᠲᠠᠯᠪᠢᠭᠰᠠᠨ ᠢ ᠮᠣᠩᠭᠣᠯ ᠤᠯᠤᠰ ᠬᠦᠯᠢᠶᠡᠨ ᠠᠪᠤᠭᠠᠳ ᠪᠠᠢᠨ᠎ᠠ᠃

ᠰᠡᠳᠬᠢᠭᠳᠡᠯ ᠦᠯᠡᠳᠡᠭᠡᠬᠦ