《ᠭᠠᠶᠢᠬᠠᠮᠰᠢᠭᠲᠤ ᠥᠪ ᠰᠤᠶᠤᠯ-ᠮᠣᠩᠭᠣᠯ ᠤᠷᠠᠨ ᠬᠠᠳᠬᠤᠮᠠᠯ》ᠦᠵᠡᠰᠬᠦᠯᠡᠩ  | News.MN

《ᠭᠠᠶᠢᠬᠠᠮᠰᠢᠭᠲᠤ ᠥᠪ ᠰᠤᠶᠤᠯ-ᠮᠣᠩᠭᠣᠯ ᠤᠷᠠᠨ ᠬᠠᠳᠬᠤᠮᠠᠯ》ᠦᠵᠡᠰᠬᠦᠯᠡᠩ 

《ᠭᠠᠶᠢᠬᠠᠮᠰᠢᠭᠲᠤ ᠥᠪ ᠰᠤᠶᠤᠯ-ᠮᠣᠩᠭᠣᠯ ᠤᠷᠠᠨ ᠬᠠᠳᠬᠤᠮᠠᠯ》ᠦᠵᠡᠰᠬᠦᠯᠡᠩ ᠢ ᠪᠣᠭᠳᠠ ᠬᠠᠭᠠᠨ ᠤ ᠣᠷᠳᠣᠨ ᠮᠦᠽᠧᠢ ᠳᠦ ᠨᠡᠭᠡᠭᠡᠯ᠎ᠡ᠃ ᠤᠭ ᠦᠵᠡᠰᠬᠦᠯᠡᠩ ᠢ《ᠮᠠᠨᠳᠤᠴᠢᠷ ᠤᠨ ᠨᠠᠷᠠᠨ》ᠲᠥᠷᠥ ᠶᠢᠨ ᠪᠤᠰᠤ ᠪᠠᠶᠢᠭᠤᠯᠤᠯᠭ᠎ᠠ  ᠰᠠᠨᠠᠭᠠᠴᠢᠯᠠᠨ ᠪᠣᠭᠳᠠ ᠬᠠᠭᠠᠨ ᠤ ᠣᠷᠳᠣᠨ ᠮᠦᠽᠧᠢ ᠲᠡᠢ ᠬᠠᠮᠲᠤᠷᠠᠨ ᠳᠦᠷᠪᠡᠳᠡᠬᠢ ᠤᠳᠠᠭ᠎ᠠ ᠪᠠᠨ ᠵᠣᠬᠢᠶᠠᠨ ᠪᠠᠶᠢᠭᠤᠯᠵᠤ ᠪᠤᠢ ᠶᠤᠮ᠃ ᠦᠵᠡᠰᠬᠦᠯᠡᠩ ᠢ ᠨᠡᠭᠡᠭᠡᠵᠦ᠂ ᠪᠣᠭᠳᠠ ᠬᠠᠭᠠᠨ ᠤ ᠣᠷᠳᠣᠨ ᠮᠦᠽᠧᠢ ᠶᠢᠨ ᠵᠠᠬᠢᠷᠤᠯ ᠼ∙ ᠡᠷᠳᠡᠨᠢᠪᠠᠭᠠᠲᠤᠷ ᠬᠡᠯᠡᠬᠦ ᠳᠦ ᠪᠡᠨ᠄ ᠮᠣᠩᠭᠣᠯ ᠤᠷᠠᠨ ᠬᠠᠳᠬᠤᠮᠠᠯ ᠬᠤᠷᠢᠳᠤᠭᠠᠷ ᠵᠠᠭᠤᠨ ᠤ ᠡᠬᠢᠨ ᠦᠶ᠎ᠡ ᠳᠦ ᠤᠷᠠᠯᠢᠭ ᠤᠨ ᠪᠦᠲᠦᠭᠡᠯ  ᠪᠤᠯᠲᠠᠯ᠎ᠠ ᠬᠥᠭᠵᠢᠭᠰᠡᠨ ᠨᠢ ᠪᠣᠭᠳᠠ ᠬᠠᠭᠠᠨ᠂ ᠳᠤᠨᠳᠤᠭᠳᠤᠯᠮ᠎ᠠ ᠬᠠᠲᠤᠨ ᠲᠠᠢ ᠰᠠᠯᠤᠰᠢ ᠦᠭᠡᠢ ᠬᠣᠯᠪᠣᠭ᠎ᠠ ᠲᠠᠢ᠃

ᠪᠦᠭᠦᠳᠡ ᠶᠡᠷᠦᠩᠬᠡᠶᠢᠯᠡᠨ ᠵᠠᠬᠢᠷᠬᠤ ᠰᠠᠶᠢᠳ ᠲ ∙ ᠨᠠᠮᠨᠠᠨᠰᠦ᠋ᠷᠦᠩ ᠦᠨ ᠲᠤᠰᠢᠶᠠᠯ ᠢᠶᠠᠷ 1913 ᠣᠨ ᠤ 7 ᠳ᠋ᠤᠭᠠᠷ ᠰᠠᠷ᠎ᠠ ᠳᠤ ᠡᠬᠡ ᠳᠠᠭᠢᠨᠢ ᠳᠤᠨᠳᠤᠭᠳᠤᠯᠮ᠎ᠠ ᠳᠤ 100  ᠯᠠᠩ ᠮᠥᠩᠭᠥᠨ ᠱᠠᠩᠨᠠᠯ ᠢᠶᠠᠷ ᠡᠷᠭᠦᠯ ᠪᠠᠷᠢᠵᠤ᠂ ᠪᠣᠭᠳᠠ ᠶᠢᠨ ᠣᠷᠳᠣᠨ ᠤ ᠳᠡᠷᠭᠡᠳᠡᠬᠢ ᠰᠠᠩᠭᠠᠢ ᠠᠶᠢᠮᠠᠭ ᠤᠨ ᠤᠷᠠᠨ ᠬᠠᠳᠬᠤᠮᠠᠯᠴᠢ᠂ ᠪᠠᠷᠢᠮᠠᠯᠴᠢᠨ᠂ ᠳᠠᠷᠬᠠᠨ᠂ ᠭᠤᠲᠤᠯᠴᠢᠨ ᠵᠡᠷᠭᠡ 120 ᠣᠷᠴᠢᠮ ᠤᠷᠠᠯᠠᠭᠠᠴᠢ  ᠶᠢ ᠬᠠᠮᠢᠶᠠᠷᠤᠭᠤᠯᠤᠭᠰᠠᠨ ᠲᠤᠬᠠᠢ ᠲᠡᠦᠬᠡᠨ ᠰᠤᠷᠪᠤᠯᠵᠢ ᠳᠤ ᠲᠡᠮᠳᠡᠭᠯᠡᠭᠰᠡᠨ ᠪᠠᠶᠢᠳᠠᠭ᠃ ᠬᠠᠭᠠᠨ ᠤ ᠣᠷᠳᠣᠨ ᠤ ᠤᠷᠠᠴᠤᠳ ᠤᠨ ᠬᠣᠣᠰ ᠦᠭᠡᠢ ᠨᠠᠨᠳᠢᠨ ᠪᠦᠲᠦᠭᠡᠯ ᠢ ᠥᠨᠥ ᠴᠠᠭ ᠤᠨ ᠤᠷᠠᠨ ᠦᠢᠯᠡᠴᠢᠳ ᠦᠨ ᠬᠢ ᠲᠡᠢ ᠬᠠᠷᠢᠴᠠᠭᠤᠯᠤᠨ ᠬᠠᠷᠠᠬᠤ ᠪᠣᠯᠤᠮᠵᠢ ᠶᠢ ᠡᠨᠡ ᠬᠦ ᠦᠵᠡᠰᠬᠦᠯᠡᠩ ᠣᠯᠭᠤᠵᠤ ᠪᠠᠶᠢᠨ᠎ᠠ ᠬᠡᠮᠡᠨ ᠣᠨᠴᠠᠯᠠᠪᠠ᠃
ᠦᠵᠡᠰᠬᠦᠯᠡᠩ ᠡᠴᠡ ᠠᠷᠪᠠᠨ ᠶᠢᠰᠦᠳᠦᠭᠡᠷ ᠵᠠᠭᠤᠨ ᠤ ᠰᠡᠭᠦᠯᠴᠢ᠂ ᠬᠤᠷᠢᠳᠤᠭᠠᠷ ᠵᠠᠭᠤᠨ ᠤ ᠡᠬᠢᠨ ᠦᠶ᠎ᠡ ᠶᠢᠨ ᠵᠡᠭᠡᠭᠲᠦ ᠨᠠᠭᠠᠮᠠᠯ᠂ ᠲᠠᠪᠤᠨ ᠥᠩᠭᠡ ᠶᠢᠨ ᠤᠲᠠᠰᠤ ᠲᠠᠢ ᠵᠣᠭᠣᠰᠤᠨ ᠰᠢᠷᠡᠭᠡᠨ ᠦ ᠰᠦᠯᠵᠢᠮᠡᠯ ᠪᠦᠬᠦᠢ ᠳᠠᠮᠤᠷ ᠤᠨ ᠮᠠᠨᠵᠢᠯᠭ᠎ᠠ ᠭᠡᠬᠦ ᠮᠡᠲᠦ ᠬᠠᠭᠠᠨ ᠤ ᠣᠷᠳᠣᠨ ᠤ ᠤᠷᠠᠨ ᠨᠠᠷᠢᠨ ᠬᠢᠴᠡ ᠲᠡᠢ ᠪᠦᠲᠦᠭᠡᠯ ᠦᠳ ᠢ ᠦᠵᠡᠬᠦ ᠪᠣᠯᠤᠮᠵᠢ ᠲᠠᠢ᠃ ᠦᠵᠡᠰᠬᠦᠯᠡᠩ ᠦᠨ ᠬᠣᠶᠢᠮᠣᠷ ᠲᠤ ᠡᠨᠡ ᠤᠳᠠᠭ᠎ᠠ ᠠᠷᠠᠳ ᠤᠨ ᠵᠢᠷᠤᠭᠠᠴᠢ ᠦ᠊∙ᠢᠳᠠᠮᠰᠦ᠋ᠷᠤᠩ ᠦᠨ ᠡᠬᠡ ᠵᠢᠷᠤᠭ ᠢᠶᠠᠷ᠂ ᠭᠡᠷᠭᠡᠢ ᠶᠠ᠊∙ᠯᠢᠦ᠋ᠨᠢᠶ᠎ᠠ ᠨᠢ ᠤᠷᠠᠯᠠᠭᠰᠠᠨ ᠵᠡᠭᠡᠭᠲᠦ ᠨᠠᠭᠠᠮᠠᠯ ᠪᠤᠷᠬᠠᠳ ᠢ ᠪᠠᠶᠢᠷᠢᠯᠠᠭᠤᠯᠵᠠᠢ᠃  ᠮᠦᠨ ᠰᠢᠵᠢᠷ ᠠᠯᠲᠠ᠂ ᠱᠢᠷᠦ ᠤᠭ᠍ᠶᠤ ᠪᠠᠷ ᠴᠢᠮᠡᠵᠦ᠂ ᠵᠡᠭᠦᠦ ᠣᠷᠢᠶᠠᠵᠤ ᠬᠠᠳᠬᠤᠮᠠᠯᠯᠠᠭᠰᠠᠨ ᠠᠯᠲᠠᠨ ᠰᠤᠶᠤᠩᠪᠤ᠂ 2020 ᠣᠨ ᠳᠤ ᠹᠷᠠᠨᠼᠢ ᠤᠯᠤᠰ ᠲᠤ ᠵᠣᠬᠢᠶᠠᠨ ᠪᠠᠶᠢᠭᠤᠯᠤᠭᠰᠠᠨ ᠣᠯᠠᠨ ᠤᠯᠤᠰ ᠤᠨ ᠤᠷᠠᠯᠠᠭᠠᠴᠢᠳ ᠤᠨ ᠴᠠᠬᠢᠮ ᠨᠠᠭᠠᠳᠤᠮ ᠠᠴᠠ ᠮᠥᠩᠭᠥᠨ ᠮᠧᠳᠠᠯ ᠬᠦᠷᠲᠡᠭᠰᠡᠨ ᠬᠥᠭᠡᠷᠭᠡᠨ ᠦ ᠳᠠᠯᠢᠩ᠂ ᠣᠶᠤᠨ ᠤ ᠥᠮᠴᠢ ᠶᠢᠨ ᠭᠡᠷᠡᠴᠢᠯᠡᠭᠡ ᠲᠡᠢ ᠰᠦᠯᠵᠢᠶᠡᠰᠦᠨ ᠪᠢᠴᠢᠯᠭᠡ ᠵᠡᠷᠭᠡ ᠳᠠᠬᠢᠨ ᠳᠠᠪᠲᠠᠭᠳᠠᠰᠢ ᠦᠭᠡᠢ ᠪᠦᠲᠦᠭᠡᠯ ᠦᠳ ᠢ ᠳᠡᠯᠭᠡᠵᠡᠢ᠃ ᠦᠵᠡᠰᠬᠦᠯᠡᠩ ᠦᠨ ᠪᠠᠰᠠ ᠨᠢᠭᠡ ᠴᠢᠮᠡᠭ ᠨᠢ ᠤᠷᠠᠨ ᠬᠠᠳᠬᠤᠮᠠᠯᠴᠢ ᠪ ∙ ᠪᠤᠷᠮ᠎ᠠ ᠥᠪᠡᠷ ᠦᠨ ᠭᠠᠷᠭᠠᠭᠰᠠᠨ ᠵᠠᠭᠪᠤᠷ ᠢᠶᠠᠷ ᠵᠠᠬᠢᠶᠠᠯᠠᠨ ᠬᠢᠯᠭᠡᠵᠦ᠂ ᠣᠶᠤᠨ ᠤ ᠥᠮᠴᠢ ᠶᠢᠨ ᠭᠡᠷᠡᠴᠢᠯᠡᠭᠡ ᠠᠪᠤᠭᠰᠠᠨ ᠲᠡᠯᠡᠭᠴᠢ ᠪᠦᠬᠦᠢ ᠬᠠᠳᠬᠤᠮᠠᠯ ᠤᠨ ᠰᠢᠷᠡᠭᠡ ᠶᠤᠮ᠃

 

 

ᠰᠡᠳᠬᠢᠭᠳᠡᠯ ᠦᠯᠡᠳᠡᠭᠡᠬᠦ