13-14 ᠳ᠋ᠤᠭᠡᠷ ᠵᠠᠭᠤᠨ ᠤ ᠮᠤᠩᠭᠤᠯ ᠤᠨ ᠬᠠᠭᠠᠨ᠂ ᠬᠠᠲᠤᠨ ᠤ ᠬᠥᠷᠥᠭ ᠦᠳ | News.MN

13-14 ᠳ᠋ᠤᠭᠡᠷ ᠵᠠᠭᠤᠨ ᠤ ᠮᠤᠩᠭᠤᠯ ᠤᠨ ᠬᠠᠭᠠᠨ᠂ ᠬᠠᠲᠤᠨ ᠤ ᠬᠥᠷᠥᠭ ᠦᠳ

ᠮᠣᠩᠭᠣᠯ ᠤᠯᠤᠰ ᠤᠨ ᠦᠨᠳᠦᠰᠦᠨ ᠦ ᠨᠣᠮ ᠤᠨ ᠰᠠᠩ  ᠲᠠᠢᠸᠠᠨ ᠤ ᠲᠥᠪ ᠰᠠᠩ ᠲᠠᠢ ᠬᠠᠮᠲᠤᠷᠠᠭᠰᠠᠨ ᠦᠵᠡᠰᠬᠦᠯᠡᠩ ᠢ ᠬᠤᠶᠠᠳᠠᠬᠢ ᠤᠳᠠᠭ᠎ᠠ ᠪᠠᠨ ᠵᠣᠬᠢᠶᠠᠨ ᠪᠠᠶᠢᠭᠤᠯᠵᠤ ᠪᠠᠶᠢᠨ᠎ᠠ᠃《ᠲᠠᠢᠸᠠᠨ ᠳ᠋ᠡᠬᠢ ᠡᠷᠳᠡᠨᠢᠰ》ᠬᠡᠮᠡᠬᠦ ᠡᠨᠡ ᠦᠵᠡᠰᠬᠦᠯᠡᠩ ᠳᠦ ᠲᠠᠢᠸᠠᠨ ᠳ᠋ᠡᠬᠢ ᠬᠠᠭᠠᠨ ᠤ ᠣᠷᠳᠣᠨ ᠮᠦᠽᠧᠢ ᠳᠦ ᠬᠠᠳᠠᠭᠠᠯᠠᠭᠳᠠᠵᠤ ᠪᠠᠢᠭ᠎ᠠ ᠮᠣᠩᠭᠣᠯ ᠤᠨ ᠨᠠᠢ᠌ᠮᠠᠨ ᠬᠠᠭᠠᠨ᠂ ᠨᠠᠢ᠌ᠮᠠᠨ ᠬᠠᠲᠤᠨ ᠤ ᠬᠥᠷᠥᠭ ᠢ ᠳᠡᠯᠭᠡᠨ ᠦᠵᠡᠭᠦᠯᠵᠦ ᠪᠠᠶᠢᠭ᠎ᠠ ᠶᠤᠮ᠃
ᠲᠤᠰ ᠬᠥᠷᠦᠭ ᠦᠳ ᠨᠢ ᠬᠠᠭᠠᠨ᠂ ᠬᠠᠲᠤᠳ ᠤᠨ ᠳᠦᠷᠢ ᠲᠥᠷᠬᠦ ᠶᠢ ᠵᠢᠱᠢᠵᠦ ᠵᠢᠷᠤᠬᠤ ᠵᠣᠷᠢᠭᠤᠯᠤᠯᠲᠠ ᠲᠠᠢ᠂ ᠶᠡᠬᠡ ᠮᠣᠩᠭᠣᠯ ᠤᠨ ᠲᠠᠪᠤᠨ ᠥᠩᠭᠡᠲᠦ ᠤᠯᠤᠰ ᠲᠤ ᠢᠯᠡᠭᠡᠳᠡᠭ ᠪᠠᠶᠢᠭᠰᠠᠨ ᠵᠠᠭᠪᠤᠷ ᠵᠢᠷᠤᠭ ᠤᠳ ᠪᠠᠶᠢᠭᠰᠠᠨ ᠭᠡᠭᠳᠡᠳᠡᠭ᠃ ᠲᠡᠶᠢᠮᠦ ᠡᠴᠡ ᠡᠳᠡᠭᠡᠷ ᠨᠢ ᠶᠡᠬᠡ ᠬᠠᠭᠠᠨ᠂ ᠬᠠᠲᠤᠳ ᠤᠨ ᠦᠨᠡᠨ ᠪᠣᠳᠠᠲᠤ ᠳᠦᠷᠢ ᠲᠥᠷᠬᠥ ᠮᠥᠨ ᠪᠥᠭᠡᠳ ᠲᠡᠷᠡ ᠦᠶ᠎ᠡ ᠶᠢᠨ ᠢᠵᠭᠤᠷᠲᠠᠳ ᠤᠨ ᠦᠰᠦ ᠭᠡᠵᠢᠭᠡ᠂ ᠵᠠᠰᠠᠯ᠂ ᠳᠡᠪᠡᠯ ᠮᠠᠯᠠᠭᠠᠢ᠂ ᠡᠭᠡᠮᠦᠭ ᠵᠡᠭᠦᠯᠲᠡ ᠲᠡᠷᠢᠭᠦᠲᠡᠨ ᠢ ᠮᠡᠳᠡᠵᠦ ᠪᠣᠯᠬᠤ ᠰᠤᠳᠤᠯᠭᠠᠨ ᠤ ᠴᠢᠬᠤᠯᠠ ᠬᠡᠷᠡᠭᠯᠡᠭᠳᠡᠬᠦᠨ ᠭᠡᠳᠡᠭ ᠢ ᠮᠣᠩᠭᠣᠯ ᠤᠯᠤᠰ ᠤᠨ ᠦᠨᠳᠦᠰᠦᠨ ᠦ ᠨᠣᠮ ᠤᠨ ᠰᠠᠩ ᠤᠨ ᠵᠠᠬᠢᠷᠤᠯ ᠪ∙ᠢᠴᠢᠨᠬᠣᠷᠯᠸ᠎ᠠ ᠲᠣᠳᠣᠳᠬᠠᠪᠠ᠃
ᠬᠠᠲᠤᠳ ᠤᠨ ᠬᠥᠷᠥᠭ ᠢ ᠠᠵᠢᠭᠯᠠᠬᠤ ᠳᠤ᠂ ᠨᠡᠩ ᠲᠦᠷᠦᠭᠦᠨ ᠳᠦ ᠬᠥᠮᠥᠰᠬᠡ ᠨᠢ ᠰᠣᠨᠢᠷᠬᠠᠯ ᠲᠠᠲᠠᠬᠤ ᠪᠥᠭᠡᠳ ᠲᠡᠷᠡ ᠦᠶ᠎ᠡ ᠶᠢᠨ ᠬᠠᠲᠤᠳ ᠬᠥᠮᠥᠰᠬᠡ ᠪᠡᠨ ᠬᠤᠰᠤᠵᠤ᠃ ᠨᠢᠭᠡᠨ ᠬᠡᠯᠪᠡᠷᠢ ᠪᠡᠷ ᠵᠢᠷᠤᠳᠠᠭ ᠪᠠᠶᠢᠭᠰᠠᠨ ᠲᠤᠬᠠᠢ ᠰᠤᠳᠤᠯᠤᠭᠠᠴᠢᠳ ᠦᠭᠦᠯᠡᠵᠦ ᠪᠠᠶᠢᠨ᠎ᠠ᠃ ᠮᠥᠨ ᠠᠷᠪᠠᠨ ᠭᠤᠷᠪᠠ᠂ ᠳᠦᠷᠪᠡᠳᠦᠭᠡᠷ ᠵᠠᠭᠤᠨ ᠤ ᠦᠶ᠎ᠡ ᠳᠦ ᠠᠮᠢᠳᠤᠷᠠᠵᠤ ᠪᠠᠶᠢᠭᠰᠠᠨ ᠨᠠᠢ᠌ᠮᠠᠨ ᠬᠠᠲᠤᠨ ᠤ ᠬᠥᠷᠦᠭ ᠪᠦᠭᠦᠳᠡ ᠳᠦ ᠨᠢ ᠤᠯᠠᠭᠠᠨ ᠥᠩᠭᠡ ᠶᠢᠨ ᠮᠠᠯᠠᠭᠠᠢ᠂ ᠲᠡᠭᠦᠨ ᠳᠡᠭᠡᠷᠡᠬᠢ ᠴᠢᠮᠡᠭᠯᠡᠯ ᠵᠡᠭᠦᠰᠬᠡᠯ ᠨᠢ ᠪᠠᠷᠤᠭ ᠢᠵᠢᠯ ᠪᠠᠶᠢᠳᠠᠯ ᠲᠠᠢ ᠳᠦᠷᠰᠦᠯᠡᠭᠳᠡᠵᠡᠢ᠃ ᠳᠡᠪᠡᠯ ᠦᠨ ᠡᠮᠵᠢᠶᠡᠷᠢ ᠨᠢ ᠭᠣᠣᠯᠳᠠᠭᠤ ᠰᠢᠷ᠎ᠠ ᠬᠡ ᠲᠡᠢ ᠬᠠᠷ᠎ᠠ ᠥᠩᠭᠡ ᠶᠢᠨ ᠥᠷᠭᠡᠨ ᠡᠮᠵᠢᠶᠡᠷᠢ᠂ ᠰᠢᠷᠭᠠᠯᠳᠠᠭᠤ ᠥᠩᠭᠡ ᠶᠢᠨ ᠬᠣᠶᠠᠷ ᠨᠠᠷᠢᠨ ᠡᠮᠵᠢᠶᠡᠷᠢ ᠲᠡᠢ ᠪᠠᠶᠢᠭ᠎ᠠ ᠨᠢ ᠴᠤ ᠲᠡᠷᠡ ᠦᠶ᠎ᠡ ᠶᠢᠨ ᠬᠠᠲᠤᠳ ᠤᠨ ᠬᠤᠪᠴᠠᠰᠤ ᠬᠡᠷᠡᠭᠯᠡᠭᠳᠡᠬᠦᠨ ᠦ ᠳᠢᠭ ᠶᠣᠰᠣ᠂ ᠰᠣᠶᠣᠯ ᠤᠨ ᠢᠯᠡᠷᠬᠡᠶᠢᠯᠡᠯ ᠭᠡᠵᠦ ᠦᠵᠡᠵᠦ ᠪᠤᠯᠬᠤ ᠪᠠᠷ ᠪᠠᠶᠢᠨ᠎ᠠ᠃
ᠲᠠᠢᠸᠠᠨ ᠳ᠋ᠡᠬᠢ ᠬᠠᠭᠠᠨ ᠤ ᠣᠷᠳᠣᠨ ᠮᠦᠽᠧᠢ ᠵᠠᠭᠤᠨ ᠵᠠᠭᠤᠨ ᠳᠠᠮᠨᠠᠨ ᠴᠤᠭᠯᠠᠭᠤᠯᠤᠭᠰᠠᠨ ᠡᠷᠳᠡᠨᠢᠰ ᠪᠠᠶᠢᠳᠠᠭ ᠢᠶᠠᠷ ᠢᠶᠠᠨ ᠳᠡᠯᠡᠬᠡᠢ ᠳᠦ ᠠᠯᠳᠠᠷᠲᠠᠢ ᠪᠥᠭᠡᠳ ᠲᠡᠭᠦᠨ ᠦ ᠳᠣᠲᠣᠷ᠎ᠠ ᠮᠣᠩᠭᠣᠯ ᠤᠨ ᠲᠡᠦᠬᠡ ᠰᠣᠶᠣᠯ᠂ ᠲᠥᠷᠦ ᠳᠦ ᠬᠠᠮᠢᠶᠠᠷᠬᠤ ᠳᠠᠩᠰᠠ ᠪᠢᠴᠢᠭ᠂ ᠤᠷᠠᠨ ᠵᠢᠷᠤᠭ᠂ ᠮᠣᠩᠭᠣᠯ ᠤᠨ ᠱᠠᠰᠢᠨ ᠲᠥᠷᠦ ᠶᠢᠨ ᠵᠢᠳᠭᠦᠯᠲᠡᠳ ᠦᠨ ᠬᠡᠷᠡᠭᠯᠡᠵᠦ ᠪᠠᠶᠢᠭᠰᠠᠨ ᠡᠳ᠋ ᠥᠯᠥᠭ ᠦᠨ ᠣᠯᠠᠨ ᠨᠠᠨᠳᠢᠨ ᠵᠦᠢᠯᠡᠰ ᠠᠷᠪᠢᠨ ᠲᠠᠢ᠃ ᠦᠵᠡᠰᠬᠦᠯᠡᠩ ᠢ ᠡᠨᠡ ᠰᠠᠷ᠎ᠠ ᠶᠢᠨ ᠬᠤᠷᠢᠨ ᠶᠢᠰᠦᠨ ᠬᠦᠷᠲᠡᠯ᠎ᠡ ᠳᠡᠯᠭᠡᠨ᠎ᠡ᠃

ᠰᠡᠳᠬᠢᠭᠳᠡᠯ ᠦᠯᠡᠳᠡᠭᠡᠬᠦ