ᠮᠠᠯ ᠤᠨ ᠵᠠᠬ᠎ᠠ ᠵᠡᠭᠡᠯᠢ ᠶᠢᠨ ᠳᠤᠮᠳᠠᠴᠢ ᠦᠨ᠎ᠡ ᠶᠢᠨ ᠮᠡᠳᠡᠭᠡᠯᠡᠯ ᠢᠶᠡᠷ᠂ ᠥᠩᠭᠡᠷᠡᠭᠰᠡᠨ 12 ᠳ᠋ᠤᠭᠠᠷ ᠰᠠᠷ᠎ᠠ ᠳᠤ ᠠᠲᠠᠨ ᠤ ᠦᠨ᠎ᠡ 1.4 ᠰᠠᠶ᠎ᠠ ᠲᠥᠭᠥᠷᠢᠭ ᠪᠣᠯᠵᠤ᠂ ᠡᠮᠦᠨᠡᠬᠢ ᠰᠠᠷ᠎ᠠ ᠠᠴᠠ ᠪᠠᠨ 7.1 ᠮᠢᠩᠭ᠎ᠠ᠂ ᠬᠢᠵᠠᠯᠠᠩ ᠭᠤᠨ᠎ᠠ ᠶᠢᠨ ᠬᠢ 1.3 ᠰᠠᠶ᠎ᠠ᠂ ᠰᠣᠶᠣᠭᠠᠯᠠᠩ ᠦᠷᠢᠶ᠎ᠡ 1.1 ᠰᠠᠶ᠎ᠠ ᠲᠥᠭᠥᠷᠢᠭ ᠪᠣᠯᠵᠤ᠂ ᠡᠮᠦᠨᠡᠬᠢ ᠰᠠᠷ᠎ᠠ ᠠᠴᠠ 900 ᠲᠥᠭᠥᠷᠢᠭ ᠢᠶᠡᠷ ᠨᠡᠮᠡᠭᠳᠡᠵᠡᠢ᠃ ᠡᠷ᠎ᠡ ᠬᠣᠨᠢᠨ ᠤ ᠦᠨ᠎ᠡ 207.9 ᠮᠢᠩᠭᠠᠨ ᠲᠥᠭᠥᠷᠢᠭ ᠪᠣᠯᠵᠤ᠂ ᠡᠮᠦᠨᠡᠬᠢ ᠰᠠᠷ᠎ᠠ ᠠᠴᠠ 800᠂ ᠡᠷ᠎ᠡ ᠢᠮᠠᠭᠠᠨ ᠤ ᠦᠨ᠎ᠡ 150.6 ᠮᠢᠩᠭᠠᠨ ᠲᠥᠭᠥᠷᠢᠭ ᠪᠣᠯᠵᠤ᠂ ᠡᠮᠦᠨᠡᠬᠢ ᠰᠠᠷ᠎ᠠ ᠠᠴᠠ 2.3 ᠮᠢᠩᠭᠠᠨ ᠲᠥᠭᠥᠷᠢᠭ ᠢᠶᠡᠷ ᠨᠡᠮᠡᠭᠳᠡᠭᠰᠡᠨ ᠢ ᠦᠨᠳᠦᠰᠦᠨ ᠦ ᠰᠲ᠋ᠠᠲ᠋ᠢᠰᠲ᠋ᠢᠺ ᠤᠨ ᠬᠣᠷᠢᠶ᠎ᠠ ᠮᠡᠳᠡᠭᠡᠯᠡᠯ᠎ᠡ᠃ ᠡᠷ᠎ᠡ ᠬᠣᠨᠢᠨ ᠤ ᠦᠨ᠎ᠡ 12 ᠳ᠋ᠤᠭᠠᠷ ᠰᠠᠷ᠎ᠠ ᠳᠤ ᠨᠡᠶᠢᠰᠯᠡᠯ ᠳᠦ ᠬᠠᠮᠤᠭ ᠤᠨ ᠶᠡᠬᠡ ᠪᠤᠶᠤ 300 ᠮᠢᠩᠭᠠᠨ ᠲᠥᠭᠥᠷᠢᠭ ᠪᠣᠯᠵᠤ᠂ ᠡᠮᠦᠨᠡᠬᠢ ᠰᠠᠷ᠎ᠠ ᠠᠴᠠ ᠥᠭᠡᠷᠡᠴᠢᠯᠡᠯᠲᠡ ᠦᠭᠡᠢ᠂ ᠳᠣᠷᠣᠨᠠᠲᠤ ᠠᠶᠢᠮᠠᠭ ᠲᠤ ᠬᠠᠮᠤᠭ ᠤᠨ ᠪᠠᠭ᠎ᠠ ᠪᠤᠶᠤ 170.8 ᠮᠢᠩᠭᠠᠨ ᠲᠥᠭᠥᠷᠢᠭ ᠪᠣᠯᠵᠤ᠂ ᠡᠮᠦᠨᠡᠬᠢ ᠰᠠᠷ᠎ᠠ ᠠᠴᠠ 10.1 ᠮᠢᠩᠭᠠᠨ ᠲᠥᠭᠥᠷᠢᠭ ᠢᠶᠡᠷ ᠨᠡᠮᠡᠭᠳᠡᠪᠡ᠃
ᠦᠬᠡᠷ ᠦᠨ 2 ᠮᠧᠲ᠋ᠷ ᠡᠴᠡ ᠳᠡᠭᠡᠭᠰᠢ ᠤᠷᠲᠤ ᠲᠠᠢ ᠰᠢᠷᠢ ᠥᠩᠭᠡᠷᠡᠭᠰᠡᠨ ᠰᠠᠷ᠎ᠠ ᠳᠤ 8.3 ᠮᠢᠩᠭᠠᠨ ᠲᠥᠭᠥᠷᠢᠭ ᠪᠣᠯᠵᠤ᠂ ᠡᠮᠦᠨᠡᠬᠢ ᠰᠠᠷ᠎ᠠ ᠠᠴᠠ 2.4 ᠮᠢᠩᠭᠠᠨ ᠲᠥᠭᠥᠷᠢᠭ ᠢᠶᠡᠷ ᠨᠡᠮᠡᠭᠳᠡᠭᠰᠡᠨ ᠪᠣᠯ᠂ ᠢᠮᠠᠭᠠᠨ ᠤ ᠴᠠᠭᠠᠨ ᠨᠤᠯᠤᠤᠷ 1 ᠺᠢᠯᠦᠭᠷᠡᠮᠨᠢ 99.3 ᠮᠢᠩᠭᠠᠨ ᠲᠥᠭᠥᠷᠢᠭ ᠪᠣᠯᠵᠤ᠂ ᠡᠮᠦᠨᠡᠬᠢ ᠰᠠᠷ᠎ᠠ ᠠᠴᠠ 800 ᠲᠥᠭᠥᠷᠢᠭ ᠢᠶᠡᠷ ᠪᠠᠭᠠᠰᠴᠠᠢ᠃