ᠬᠡᠦᠬᠡᠳ ᠪᠠᠶᠢᠭᠰᠠᠨ ᠮᠠᠰᠢᠨ ᠲᠡᠷᠭᠡ ᠶᠢ ᠠᠴᠢᠭᠰᠠᠨ ᠺᠣᠮᠫᠠᠨᠢ ᠶᠢᠨ ᠵᠥᠪᠰᠢᠶᠡᠷᠡᠯ ᠢ ᠴᠤᠴᠠᠯᠠᠨ᠎ᠠ | News.MN

ᠬᠡᠦᠬᠡᠳ ᠪᠠᠶᠢᠭᠰᠠᠨ ᠮᠠᠰᠢᠨ ᠲᠡᠷᠭᠡ ᠶᠢ ᠠᠴᠢᠭᠰᠠᠨ ᠺᠣᠮᠫᠠᠨᠢ ᠶᠢᠨ ᠵᠥᠪᠰᠢᠶᠡᠷᠡᠯ ᠢ ᠴᠤᠴᠠᠯᠠᠨ᠎ᠠ

2022 ᠣᠨ ᠤ ᠨᠢᠭᠡᠳᠦᠭᠡᠷ ᠰᠠᠷ᠎ᠠ ᠶᠢᠨ 18  ᠤ ᠡᠳᠦᠷ ᠰᠦᠬᠡᠪᠠᠭᠠᠲᠤᠷ ᠳᠡᠭᠦᠷᠭᠡ ᠶᠢᠨ ᠨᠤᠲᠤᠭ ᠳᠡᠪᠢᠰᠬᠡᠷ《ᠰᠤᠩᠳᠤ᠋》ᠡᠮᠨᠡᠯᠭᠡ ᠶᠢᠨ ᠤᠷᠳᠤ ᠠᠴᠠ 10 ᠣᠷᠴᠢᠮ ᠨᠠᠰᠤᠨ ᠤ ᠬᠡᠦᠬᠡᠳ ᠲᠡᠢ᠂ ᠠᠰᠠᠭᠠᠯᠲᠠ ᠲᠠᠢ ᠮᠠᠰᠢᠨ ᠲᠡᠷᠭᠡ ᠶᠢ ᠵᠥᠭᠡᠭᠡᠪᠦᠷᠢᠯᠡᠭᠰᠡᠨ ᠪᠠᠶᠢᠨ᠎ᠠ᠃ ᠢᠷᠭᠡᠨ ᠡᠴᠡ ᠢᠷᠡᠭᠦᠯᠦᠭᠰᠡᠨ ᠮᠡᠳᠡᠭᠡᠯᠡᠯ ᠦᠨ ᠳᠠᠭᠠᠤ ᠲᠡᠭᠡᠭᠡᠪᠦᠷᠢ ᠶᠢᠨ ᠴᠠᠭᠳᠠᠭ᠎ᠠ ᠶᠢᠨ ᠠᠯᠪᠠᠨ ᠠᠴᠠ ᠰᠢᠯᠭᠠᠯᠲᠠ ᠶᠠᠪᠤᠭᠤᠯᠬᠤ ᠳᠤ︽ ᠴ︾ ᠦᠨ  ᠮᠠᠰᠢᠨ ᠲᠡᠷᠭᠡ ᠶᠢ ᠵᠥᠭᠡᠭᠡᠵᠦ ᠰᠢᠯᠵᠢᠭᠦᠯᠬᠦ ᠳᠦ ᠪᠡᠨ ᠪᠤᠰᠤᠳ ᠤᠨ ᠬᠥᠳᠡᠯᠭᠡᠭᠡᠨ ᠳᠦ ᠰᠠᠭᠠᠳ ᠪᠣᠯᠤᠭᠰᠠᠨ ᠭᠡᠰᠡᠨ ᠦᠨᠳᠦᠰᠦᠯᠡᠯ ᠢᠶᠡᠷ᠂ ᠬᠣᠯᠪᠣᠭᠳᠠᠬᠤ ᠵᠢᠷᠤᠮ ᠳᠤ ᠵᠢᠭᠠᠭᠰᠠᠨ《ᠠᠴᠢᠭᠴᠢ ᠠᠦ᠋ᠲ᠋ᠣᠮᠠᠰᠢᠨ ᠤ ᠵᠢᠯᠣᠭᠣᠴᠢ᠂ ᠲᠧᠭᠨᠢᠭ ᠦᠨ ᠠᠵᠢᠯᠲᠠᠨ ᠨᠢ ᠲᠤᠬᠠᠢ ᠶᠢᠨ ᠲᠡᠭᠡᠭᠡᠪᠦᠷᠢ ᠶᠢᠨ ᠬᠡᠷᠡᠭᠰᠡᠯ ᠦᠨ ᠪᠦᠬᠡᠭᠡᠭ ᠲᠦ ᠬᠦᠮᠦᠨ᠂ ᠠᠮᠢᠲᠠᠨ ᠪᠠᠶᠢᠭ᠎ᠠ ᠲᠣᠬᠢᠶᠠᠯᠳᠤᠯ ᠳᠤ ᠵᠥᠭᠡᠭᠡᠵᠦ ᠰᠢᠯᠵᠢᠭᠦᠯᠬᠦ ᠦᠭᠡᠢ》ᠭᠡᠰᠡᠨ ᠵᠢᠭᠠᠯᠲᠠ ᠶᠢ ᠵᠥᠷᠢᠴᠡᠭᠰᠡᠨ ᠨᠢ ᠲᠣᠭᠲᠠᠭᠠᠭᠳᠠᠵᠠᠢ᠃ ᠲᠡᠶᠢᠮᠦ ᠡᠴᠡ ᠠᠵᠤ ᠠᠬᠤᠢ ᠶᠢᠨ ᠨᠢᠭᠡᠴᠢ ᠪᠠᠶᠢᠭᠤᠯᠤᠯᠭ᠎ᠠ ᠶᠢᠨ ᠦᠢᠯᠡ ᠠᠵᠢᠯᠯᠠᠭ᠎ᠠ ᠶᠠᠪᠤᠭᠤᠯᠬᠤ ᠵᠥᠪᠰᠢᠶᠡᠷᠡᠯ ᠢ ᠴᠤᠴᠠᠯᠠᠬᠤ ᠰᠠᠨᠠᠯ ᠢ ᠨᠡᠶᠢᠰᠯᠡᠯ ᠦᠨ ᠠᠦ᠋ᠲ᠋ᠤ᠋ ᠵᠠᠮ ᠤᠨ ᠬᠥᠭᠵᠢᠯ ᠦᠨ ᠭᠠᠵᠠᠷ ᠲᠤ ᠬᠦᠷᠭᠡᠭᠦᠯᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ