ᠡ᠊∙ᠰᠠᠷᠠᠨᠲ᠋ᠣᠭᠣᠰ᠂ ᠳ∙ᠭᠡᠷᠡᠯᠮ᠎ᠠ᠂ ᠫ∙ᠰᠡᠷᠭᠦᠯᠡᠩ ᠨᠠᠷ ᠢ ᠡᠯᠴᠢᠨ ᠰᠠᠶᠢᠳ ᠢᠶᠠᠷ ᠲᠣᠮᠢᠯᠠᠯ᠎ᠠ | News.MN

ᠡ᠊∙ᠰᠠᠷᠠᠨᠲ᠋ᠣᠭᠣᠰ᠂ ᠳ∙ᠭᠡᠷᠡᠯᠮ᠎ᠠ᠂ ᠫ∙ᠰᠡᠷᠭᠦᠯᠡᠩ ᠨᠠᠷ ᠢ ᠡᠯᠴᠢᠨ ᠰᠠᠶᠢᠳ ᠢᠶᠠᠷ ᠲᠣᠮᠢᠯᠠᠯ᠎ᠠ

ᠤᠯᠤᠰ ᠤᠨ ᠶᠡᠬᠡ ᠬᠤᠷᠠᠯ ᠤᠨ ᠥᠨᠥᠳᠥᠷ ᠦᠨ ᠴᠢᠭᠤᠯᠭᠠᠨ ᠢᠶᠠᠷ ᠡᠯᠴᠢᠨ ᠰᠠᠶᠢᠳ ᠢ ᠡᠭᠡᠭᠦᠯᠦᠨ ᠲᠠᠲᠠᠬᠤ᠂ ᠲᠤᠮᠢᠯᠠᠬᠤ ᠠᠰᠠᠭᠤᠳᠠᠯ ᠢ ᠬᠡᠯᠡᠯᠴᠡᠯ᠎ᠡ᠃ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠭᠠᠳᠠᠭᠠᠳᠤ ᠪᠣᠳᠣᠯᠭ᠎ᠠ ᠶᠢᠨ ᠵᠥᠪᠯᠡᠬᠦ ᠡ᠊∙ᠤᠳᠤᠪᠠᠶᠠᠷ ᠡᠯᠴᠢᠨ ᠰᠠᠶᠢᠳ ᠨᠠᠷ ᠢ ᠡᠭᠡᠭᠦᠯᠦᠨ ᠲᠠᠲᠠᠬᠤ᠂ ᠲᠤᠮᠢᠯᠠᠬᠤ ᠠᠰᠠᠭᠤᠳᠠᠯ ᠢᠶᠠᠷ ᠵᠥᠪᠰᠢᠯᠴᠡᠬᠦ ᠶᠡᠷᠦᠩᠬᠡᠶᠢᠯᠡᠭᠴᠢ ᠶᠢᠨ ᠰᠠᠨᠠᠯ ᠢ ᠲᠠᠨᠢᠯᠴᠠᠭᠤᠯᠤᠭᠰᠠᠨ᠃

ᠰᠠᠨᠠᠯ ᠳᠤ᠂ ᠮᠣᠩᠭᠣᠯ ᠤᠯᠤᠰ ᠠᠴᠠ ᠪᠦᠭᠦᠳᠡ ᠨᠠᠶᠢᠷᠠᠮᠳᠠᠬᠤ ᠰᠣᠯᠣᠩᠭᠣᠰ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠨᠠᠮᠰᠠᠷᠠᠢ ᠶᠢᠨ ᠡᠷᠳᠡᠨᠢᠲᠤᠶᠠᠭ᠎ᠠ ᠶᠢ ᠡᠭᠡᠭᠦᠯᠦᠨ ᠲᠠᠲᠠᠵᠤ᠂  ᠤᠷᠤᠨ ᠳᠤ ᠨᠢ ᠡᠷᠳᠡᠨᠢᠴᠣᠭᠲᠤ ᠶᠢᠨ ᠰᠠᠷᠠᠨᠲ᠋ᠣᠭᠣᠰ ᠢ᠂ ᠮᠣᠩᠭᠣᠯ ᠤᠯᠤᠰ ᠠᠴᠠ ᠺᠤᠸᠠᠢᠲ ᠤᠯᠤᠰ ᠲᠤ ᠰᠠᠭᠤᠭ᠎ᠠ ᠣᠨᠴᠠ ᠪᠥᠭᠡᠳ ᠪᠥᠷᠢᠨ ᠡᠷᠬᠡᠲᠦ ᠡᠯᠴᠢᠨ ᠰᠠᠶᠢᠳ ᠵᠣᠷᠢᠭᠲᠤ ᠶᠢᠨ ᠴᠢᠩᠲᠦ᠋ᠰᠢᠭ ᠢ ᠡᠭᠡᠭᠦᠯᠦᠨ ᠲᠠᠲᠠᠵᠤ᠂ ᠤᠷᠤᠨ ᠳᠤ ᠨᠢ ᠫᠦᠷᠪᠦ ᠶᠢᠨ ᠰᠡᠷᠭᠦᠯᠡᠩ ᠢ᠂ ᠮᠣᠩᠭᠣᠯ ᠤᠯᠤᠰ ᠠᠴᠠ ᠰᠸᠢᠰ ᠤᠨ ᠬᠣᠯᠪᠣᠭᠠᠨ ᠤ ᠤᠯᠤᠰ ᠲᠤ ᠰᠠᠭᠤᠬᠤ ᠣᠨᠴᠠ ᠪᠥᠭᠡᠳ ᠪᠥᠷᠢᠨ ᠡᠷᠬᠡᠲᠦ ᠡᠯᠴᠢᠨ ᠰᠠᠶᠢᠳ ᠢᠶᠠᠷ ᠳᠠᠸᠠᠰᠦ᠋ᠷᠦᠩ ᠦᠨ ᠭᠡᠷᠡᠯᠮ᠎ᠠ ᠨᠠᠷ ᠢ ᠲᠣᠮᠢᠯᠠᠬᠤ ᠪᠠᠷ ᠲᠤᠰᠬᠠᠭᠰᠠᠨ ᠶᠤᠮ᠃
ᠲᠡᠭᠡᠪᠡᠯ ᠴᠢᠭᠤᠯᠭᠠᠨ ᠤ ᠬᠤᠷᠠᠯᠳᠤᠭᠠᠨ ᠢᠶᠠᠷ ᠲᠡᠳᠡᠨ ᠢ 80.8᠂ 86.5᠂ 88.5 ᠬᠤᠪᠢ ᠶᠢᠨ ᠰᠠᠨᠠᠯ ᠢᠶᠠᠷ ᠲᠤᠰ ᠲᠤᠰ ᠳᠡᠮᠵᠢᠯ᠎ᠡ᠃

ᠰᠡᠳᠬᠢᠭᠳᠡᠯ ᠦᠯᠡᠳᠡᠭᠡᠬᠦ