ᠭᠤᠳᠤᠮᠵᠢ ᠶᠢ ᠠᠷᠪᠠᠨ ᠭᠤᠷᠪᠠᠳᠤᠭᠠᠷ ᠵᠠᠭᠤᠨ ᠤ ᠬᠡᠪ ᠮᠠᠶ᠋ᠢᠭ ᠢᠶᠠᠷ ᠲᠣᠬᠢᠵᠢᠭᠤᠯᠤᠨ᠎ᠠ | News.MN

ᠭᠤᠳᠤᠮᠵᠢ ᠶᠢ ᠠᠷᠪᠠᠨ ᠭᠤᠷᠪᠠᠳᠤᠭᠠᠷ ᠵᠠᠭᠤᠨ ᠤ ᠬᠡᠪ ᠮᠠᠶ᠋ᠢᠭ ᠢᠶᠠᠷ ᠲᠣᠬᠢᠵᠢᠭᠤᠯᠤᠨ᠎ᠠ

ᠤᠯᠤᠰ ᠤᠨ ᠲᠥᠰᠥᠪ ᠦᠨ 1.6 ᠲᠡᠷᠪᠤᠮ ᠲᠥᠭᠥᠷᠢᠭ ᠦᠨ ᠬᠥᠷᠥᠩᠭᠡ ᠣᠷᠣᠭᠤᠯᠤᠯᠲᠠ ᠪᠠᠷ ᠬᠠᠷᠠᠬᠣᠷᠢᠨ᠂ ᠡᠷᠳᠡᠨᠢ-ᠵᠤᠤ ᠮᠦᠽᠧᠢ ᠶᠢ ᠬᠣᠯᠪᠣᠭᠰᠠᠨ ᠠᠶᠠᠯᠠᠯ ᠵᠢᠭᠤᠯᠴᠢᠯᠠᠯ ᠤᠨ ᠭᠤᠳᠤᠮᠵᠢ ᠪᠠᠶᠢᠭᠤᠯᠵᠤ ᠪᠠᠶᠢᠨ᠎ᠠ᠃ ᠣᠳᠣ ᠪᠠᠷ 520 ᠮᠧᠲ᠋ᠷ ᠴᠡᠪᠡᠷ ᠤᠰᠤᠨ ᠤ ᠱᠤᠭᠤᠮ᠂ 180 ᠮᠧᠲ᠋ᠷ ᠪᠣᠬᠢᠷ ᠤᠰᠤᠨ ᠤ ᠱᠤᠭᠤᠮ ᠲᠠᠲᠠᠬᠤ ᠠᠵᠢᠯ ᠬᠢᠵᠦ᠂ 1500 ᠮᠧᠲ᠋ᠷ ᠠᠭᠠᠷ ᠤᠨ ᠱᠤᠭᠤᠮ ᠲᠠᠲᠠᠵᠤ᠂ 0.4 ᠺᠢᠯᠣᠸᠣᠯᠲ᠋ ᠦᠨ ᠳᠡᠳ᠋  ᠰᠲ᠋ᠠᠨᠼ ᠪᠠᠷᠢᠵᠠᠢ᠃ ᠮᠥᠨ 1100 ᠮᠧᠲ᠋ᠷ ᠬᠠᠰᠢᠶ᠎ᠠ᠂ ᠶᠠᠪᠠᠭᠠᠨ ᠵᠠᠮ ᠤᠨ ᠭᠠᠵᠠᠷ ᠰᠢᠷᠤᠢ ᠶᠢᠨ ᠠᠵᠢᠯ ᠲᠤᠰ ᠲᠤᠰ ᠬᠢᠭᠡᠳ ᠪᠠᠶᠢᠨ᠎ᠠ᠃

ᠠᠶᠠᠯᠠᠯ ᠵᠢᠭᠤᠯᠴᠢᠯᠠᠯ ᠤᠨ ᠭᠤᠳᠤᠮᠵᠢ ᠶᠢᠠᠷᠪᠠᠨ ᠭᠤᠷᠪᠠᠳᠤᠭᠠᠷ ᠵᠠᠭᠤᠨ ᠤ ᠬᠡᠪ ᠮᠠᠶ᠋ᠢᠭ ᠲᠠᠢ ᠪᠠᠶᠢᠭᠤᠯᠬᠤ ᠪᠥᠭᠡᠳ ᠡᠷᠲᠡᠨ ᠦ ᠬᠠᠷᠠᠬᠣᠷᠣᠮ ᠬᠣᠲᠠ ᠶᠢᠨ ᠬᠣᠯᠪᠣᠭᠳᠠᠯ ᠲᠠᠢ ᠦᠵᠡᠮᠦᠷᠢ ᠨᠦᠭᠦᠳ ᠢ ᠪᠠᠶᠢᠷᠢᠰᠢᠭᠤᠯᠬᠤ ᠶᠤᠮ᠃ ᠬᠠᠷᠠᠬᠣᠷᠢᠨ ᠰᠤᠮᠤ ᠶᠢ ᠵᠢᠯ ᠳᠦ 50-70 ᠮᠢᠩᠭᠠᠨ ᠬᠦᠮᠦᠨ ᠵᠣᠷᠢᠨ ᠣᠴᠢᠳᠠᠭ ᠭᠡᠰᠡᠨ ᠰᠤᠳᠤᠯᠭ᠎ᠠ ᠪᠠᠢᠳᠠᠭ᠃

ᠰᠡᠳᠬᠢᠭᠳᠡᠯ ᠦᠯᠡᠳᠡᠭᠡᠬᠦ