《ᠤᠭ᠍ᠶᠤᠲᠤᠯᠤᠭᠠᠢ》ᠺᠣᠮᠫᠠᠨᠢ ᠶᠢᠨ ᠰᠠᠩᠬᠦᠦ ᠡᠷᠬᠢᠯᠡᠭᠰᠡᠨ ᠳᠡᠳ᠋ ᠵᠠᠬᠢᠷᠤᠯ ᠢᠶᠠᠷ ᠪ∙ᠳᠤᠯᠮᠠᠰᠦ᠋ᠷᠦᠩ ᠢ ᠲᠣᠮᠢᠯᠠᠵᠠᠢ | News.MN

《ᠤᠭ᠍ᠶᠤᠲᠤᠯᠤᠭᠠᠢ》ᠺᠣᠮᠫᠠᠨᠢ ᠶᠢᠨ ᠰᠠᠩᠬᠦᠦ ᠡᠷᠬᠢᠯᠡᠭᠰᠡᠨ ᠳᠡᠳ᠋ ᠵᠠᠬᠢᠷᠤᠯ ᠢᠶᠠᠷ ᠪ∙ᠳᠤᠯᠮᠠᠰᠦ᠋ᠷᠦᠩ ᠢ ᠲᠣᠮᠢᠯᠠᠵᠠᠢ

《ᠤᠭ᠍ᠶᠤᠲᠤᠯᠤᠭᠠᠢ》ᠺᠣᠮᠫᠠᠨᠢ ᠶᠢᠨ ᠰᠠᠩᠬᠦᠦ ᠡᠷᠬᠢᠯᠡᠭᠰᠡᠨ ᠳᠡᠳ᠋ ᠵᠠᠬᠢᠷᠤᠯ ᠢᠶᠠᠷ ᠪᠡᠭᠵᠡᠵᠠᠪ ᠤᠨ ᠳᠤᠯᠮᠠᠰᠦ᠋ᠷᠦᠩ ᠢ ᠲᠣᠮᠢᠯᠠᠵᠠᠢ᠃ ᠪ ∙ ᠳᠤᠯᠮᠠᠰᠦ᠋ᠷᠦᠩ ᠨᠢ 2012 ᠣᠨ ᠠᠴᠠ《ᠤᠭ᠍ᠶᠤᠲᠤᠯᠤᠭᠠᠢ》ᠺᠣᠮᠫᠠᠨᠢ ᠳᠤ ᠪᠢᠽᠢᠨᠧᠰ ᠪᠠ ᠰᠠᠩᠬᠦᠦ ᠶᠢᠨ ᠰᠢᠨᠵᠢᠯᠡᠭᠡ ᠬᠠᠷᠢᠭᠤᠴᠠᠭᠰᠠᠨ ᠮᠧᠨᠧᠵᠧᠷ᠂ ᠲᠥᠰᠥᠯ ᠦᠨ ᠠᠬᠠᠯᠠᠬᠤ ᠮᠧᠨᠧᠵᠧᠷ᠂ ᠰᠲᠷᠠᠲ᠋ᠧᠭᠢ᠂ ᠪᠢᠽᠢᠨᠧᠰ ᠬᠥᠭᠵᠢᠯ ᠬᠠᠷᠢᠭᠤᠴᠠᠭᠰᠠᠨ ᠶᠡᠷᠦᠩᠬᠡᠢ ᠮᠧᠨᠧᠵᠧᠷ ᠵᠡᠷᠭᠡ ᠠᠯᠪᠠᠨ ᠲᠤᠰᠢᠶᠠᠯ ᠢ ᠬᠠᠰᠢᠵᠤ ᠪᠠᠶᠢᠭᠠᠳ ᠡᠨᠡ ᠬᠦ ᠠᠯᠪᠠᠨ ᠲᠤᠰᠢᠶᠠᠯ ᠳᠤ ᠲᠣᠮᠢᠯᠠᠭᠳᠠᠵᠠᠢ᠃
ᠲᠡᠷᠡ ᠪᠢᠽᠢᠨᠧᠰ ᠰᠠᠩᠬᠦᠦ ᠶᠢᠨ ᠰᠠᠯᠪᠤᠷᠢ ᠳᠤ 18 ᠵᠢᠯ ᠠᠵᠢᠯᠯᠠᠭᠰᠠᠨ ᠲᠤᠷᠰᠢᠯᠭ᠎ᠠ ᠲᠠᠢ᠃《ᠤᠭ᠍ᠶᠤᠲᠤᠯᠤᠭᠠᠢ》 ᠳᠦ ᠠᠵᠢᠯᠯᠠᠵᠤ ᠡᠬᠢᠯᠡᠬᠦ ᠡᠴᠡ ᠡᠮᠦᠨ᠎ᠡ ᠮᠣᠪᠢᠺᠣᠮ ᠺᠤᠷᠫᠤᠷᠠᠼ ᠤᠨ ᠰᠠᠩᠬᠦᠦ ᠬᠠᠷᠢᠭᠤᠴᠠᠭᠰᠠᠨ ᠵᠠᠬᠢᠷᠤᠯ᠂ ᠨᠢᠦᠺᠤᠮ ᠭᠷᠦ᠋ᠪ ᠦᠨ ᠬᠠᠷᠢᠯᠴᠠᠭ᠎ᠠ ᠬᠣᠯᠪᠣᠭᠠᠨ ᠤ ᠰᠠᠯᠪᠤᠷᠢ ᠬᠠᠷᠢᠭᠤᠴᠠᠭᠰᠠᠨ ᠭᠦᠢᠴᠡᠳᠭᠡᠬᠦ ᠵᠠᠬᠢᠷᠤᠯ ᠤᠨ ᠠᠯᠪᠠ ᠶᠢ ᠬᠠᠰᠢᠵᠤ ᠪᠠᠢᠪᠠ᠃
ᠪ∙ᠳᠤᠯᠮᠠᠰᠦ᠋ᠷᠦᠩ ᠠᠮᠧᠷᠢᠺᠠ ᠶᠢᠨ ᠹᠢᠯᠠᠳᠧᠯᠹ ᠮᠤᠵᠢ ᠶᠢᠨ ᠫᠸᠨᠰᠢᠯᠢᠸᠠᠨᠢ ᠶᠢᠨ ᠶᠡᠬᠡ ᠰᠤᠷᠭᠠᠭᠤᠯᠢ ᠶᠢᠨ ᠸᠠᠷᠲ᠋ᠣᠨ ᠤ ᠰᠤᠷᠭᠠᠭᠤᠯᠢ ᠶᠢ ᠪᠢᠽᠢᠨᠧᠰ  ᠦᠨ ᠤᠳᠤᠷᠢᠳᠤᠯᠭ᠎ᠠ ᠶᠢᠨ ᠮᠠᠭᠢᠰᠲ᠋ᠷ ᠢᠶᠠᠷ ᠳᠦᠭᠦᠷᠭᠡᠭᠰᠡᠨ ᠠᠩᠬᠠᠨ ᠤ ᠮᠣᠩᠭᠣᠯ ᠬᠦᠮᠦᠨ ᠶᠤᠮ᠃

ᠰᠡᠳᠬᠢᠭᠳᠡᠯ ᠦᠯᠡᠳᠡᠭᠡᠬᠦ