ᠠᠽᠢᠶ᠎ᠠ ᠶᠢᠨ ᠲᠠᠩᠬᠢᠮ ᠤᠨ ᠨᠠᠭᠠᠳᠤᠮ ᠳᠤ ᠦᠷᠢᠰᠦᠯᠳᠦᠬᠦ ᠰᠢᠲᠠᠷᠠᠴᠢᠳ ᠲᠣᠳᠣᠷᠠᠯ᠎ᠠ | News.MN

ᠠᠽᠢᠶ᠎ᠠ ᠶᠢᠨ ᠲᠠᠩᠬᠢᠮ ᠤᠨ ᠨᠠᠭᠠᠳᠤᠮ ᠳᠤ ᠦᠷᠢᠰᠦᠯᠳᠦᠬᠦ ᠰᠢᠲᠠᠷᠠᠴᠢᠳ ᠲᠣᠳᠣᠷᠠᠯ᠎ᠠ

ᠮᠣᠩᠭᠣᠯ ᠤᠨ ᠰᠢᠲᠠᠷ᠎ᠠ ᠶᠢᠨ ᠬᠣᠯᠪᠣᠭᠠᠨ ᠠᠴᠠ ᠦᠨᠳᠦᠰᠦᠨ ᠦ ᠰᠢᠭᠰᠢᠭᠡ ᠪᠠᠭ ᠤᠨ ᠲᠠᠮᠢᠷᠴᠢᠳ ᠢ ᠰᠣᠩᠭᠣᠨ ᠰᠢᠯᠭᠠᠷᠠᠭᠤᠯᠬᠤ ᠲᠡᠮᠡᠴᠡᠭᠡᠨ ᠢ ᠡᠨᠡ ᠰᠠᠷ᠎ᠠ ᠶᠢᠨ 14-18  ᠳᠦ ᠵᠣᠬᠢᠶᠠᠨ ᠪᠠᠶᠢᠭᠤᠯᠤᠭᠰᠠᠨ ᠳᠦ ᠡᠷᠡᠭᠲᠡᠶᠢᠴᠦᠳ ᠦᠨ ᠠᠩᠭᠢᠯᠠᠯ ᠳᠤ ᠰ ∙ ᠪᠢᠯᠢᠭᠦᠨ᠂ ᠼ ∙ ᠪᠠᠲᠤᠴᠢᠯᠠᠭᠤᠨ᠂ ᠡᠮᠡᠭᠲᠡᠶᠢᠴᠦᠳ ᠡᠴᠡ ᠲ∙ᠮᠦᠩᠬᠡᠵᠤᠯᠠ᠂ ᠭᠠᠪᠢᠶᠠᠲᠤ ᠲᠠᠮᠢᠷᠴᠢᠨ ᠪ ∙ ᠮᠦᠩᠭᠦᠨᠲᠤᠤᠯᠠ ᠨᠠᠷ ᠠᠩᠭᠢᠯᠠᠯ ᠳᠤ ᠪᠠᠨ ᠡᠬᠢᠨ ᠦ ᠬᠣᠶᠠᠷ ᠪᠠᠶᠢᠷᠢ ᠶᠢ ᠡᠵᠡᠯᠡᠵᠦ᠂ ᠦᠨᠳᠦᠰᠦᠨ ᠦ ᠰᠢᠭᠰᠢᠭᠡ ᠪᠠᠭ ᠲᠤ ᠪᠠᠭᠲᠠᠬᠤ ᠪᠣᠯᠵᠣᠯ ᠬᠠᠩᠭᠠᠭᠰᠠᠨ ᠪᠠᠶᠢᠨ᠎ᠠ᠃
ᠳᠡᠭᠡᠷᠡᠬᠢ ᠳᠥᠷᠪᠡᠨ ᠰᠢᠲᠠᠷᠠᠴᠢᠨ ᠢᠷᠡᠬᠦ ᠶᠢᠰᠦᠳᠦᠭᠡᠷ ᠰᠠᠷ᠎ᠠ ᠳᠤ ᠪᠣᠯᠬᠤ ᠠᠽᠢᠶ᠎ᠠ ᠶᠢᠨ ᠲᠠᠩᠬᠢᠮ ᠤᠨ ᠰᠫᠣᠷᠲ ᠤᠨ ᠨᠠᠭᠠᠳᠤᠮ ᠳᠤ ᠡᠬᠡ ᠣᠷᠣᠨ ᠢᠶᠠᠨ ᠲᠥᠯᠥᠭᠡᠯᠡᠨ ᠤᠷᠤᠯᠴᠠᠬᠤ ᠡᠷᠬᠡ ᠲᠡᠢ ᠪᠣᠯᠤᠯ᠎ᠠ᠃

ᠰᠡᠳᠬᠢᠭᠳᠡᠯ ᠦᠯᠡᠳᠡᠭᠡᠬᠦ