ᠦᠨᠳᠦᠰᠦᠨ ᠦ ᠰᠢᠭᠰᠢᠭᠡ ᠪᠠᠭ ᠤᠨ ᠲᠠᠮᠢᠷᠴᠢᠳ ᠢ ᠰᠣᠩᠭᠣᠨ ᠰᠢᠯᠭᠠᠷᠠᠭᠤᠯᠬᠤ ᠲᠡᠮᠡᠴᠡᠭᠡᠨ ᠥᠨᠥᠳᠥᠷ ᠨᠡᠶᠢᠰᠯᠡᠯ ᠦᠨ ᠨᠢᠭᠡᠳᠦᠭᠡᠷ ᠰᠤᠷᠭᠠᠭᠤᠯᠢ ᠳᠡᠭᠡᠷ᠎ᠡ ᠵᠣᠬᠢᠶᠠᠨ ᠪᠠᠶᠢᠭᠤᠯᠤᠭᠳᠠᠯ᠎ᠠ᠃ ᠮᠣᠩᠭᠣᠯ ᠤᠨ ᠰᠢᠲᠠᠷ᠎ᠠ ᠶᠢᠨ ᠬᠣᠯᠪᠣᠭ᠎ᠠ᠂ ᠰᠢᠭᠰᠢᠭᠡ ᠪᠠᠭ ᠤᠨ ᠠᠯᠪᠠ ᠬᠠᠮᠲᠤᠷᠠᠨ ᠵᠣᠬᠢᠶᠠᠨ ᠪᠠᠶᠢᠭᠤᠯᠵᠤ ᠪᠤᠢ ᠲᠤᠰ ᠲᠡᠮᠡᠴᠡᠭᠡᠨ ᠳᠦ ᠡᠷᠡᠭᠲᠡᠢ ᠠᠩᠭᠢᠯᠠᠯ ᠳᠤ 9᠂ ᠡᠮᠡᠭᠲᠡᠢ ᠠᠩᠭᠢᠯᠠᠯ ᠳᠤ ᠰᠢᠯᠢᠳᠡᠭ 10 ᠰᠢᠲᠠᠷᠠᠴᠢᠨ ᠣᠶᠤᠨ ᠤᠬᠠᠭᠠᠨ᠂ ᠤᠷ᠎ᠠ ᠴᠢᠳᠠᠪᠤᠷᠢ ᠪᠠᠨ ᠰᠣᠷᠢᠨ ᠥᠷᠢᠰᠦᠯᠳᠦᠵᠡᠢ᠃
ᠲᠡᠮᠡᠴᠡᠭᠡᠨ 14-18 ᠡᠳᠦᠷ ᠦᠳ ᠲᠦ ᠦᠷᠭᠦᠯᠵᠢᠯᠡᠨ ᠵᠣᠬᠢᠶᠠᠭᠳᠠᠵᠤ᠂ ᠠᠩᠭᠢᠯᠠᠯ ᠪᠦᠷᠢ ᠳᠦ ᠡᠬᠢᠨ ᠦ ᠬᠣᠶᠠᠷ ᠪᠠᠶᠢᠷᠢ ᠶᠢ ᠡᠵᠡᠯᠡᠭᠰᠡᠨ ᠰᠢᠲᠠᠷᠠᠴᠢᠳ ᠮᠣᠩᠭᠣᠯ ᠤᠨ ᠦᠨᠳᠦᠰᠦᠨ ᠦ ᠰᠢᠭᠰᠢᠭᠡ ᠪᠠᠭ ᠤᠨ ᠲᠠᠮᠢᠷᠴᠢᠨ ᠳᠦ ᠨᠡᠷ᠎ᠡ ᠳᠡᠪᠰᠢᠬᠦ ᠡᠷᠬᠡ ᠠᠪᠬᠤ ᠪᠥᠭᠡᠳ ᠠᠽᠢᠶ᠎ᠠ ᠶᠢᠨ ᠲᠠᠩᠬᠢᠮ ᠤᠨ ᠰᠫᠣᠷᠲ ᠤᠨ ᠨᠠᠭᠠᠳᠤᠮ ᠳᠦ ᠡᠬᠡ ᠣᠷᠣᠨ ᠢᠶᠠᠨ ᠲᠥᠯᠥᠭᠡᠯᠡᠨ ᠤᠷᠤᠯᠴᠠᠬᠤ ᠶᠤᠮ᠃