ᠲ∙ᠰᠠᠨᠢᠴᠢᠷ᠄ ᠶᠣᠰᠣ ᠵᠦᠢ ᠦᠭᠡᠢ ᠦᠢᠯᠡᠳᠦᠯ ᠭᠠᠷᠭᠠᠭᠰᠠᠨ ᠨᠢ ᠮᠢᠨᠦ ᠪᠤᠷᠤᠭᠤ | News.MN

ᠲ∙ᠰᠠᠨᠢᠴᠢᠷ᠄ ᠶᠣᠰᠣ ᠵᠦᠢ ᠦᠭᠡᠢ ᠦᠢᠯᠡᠳᠦᠯ ᠭᠠᠷᠭᠠᠭᠰᠠᠨ ᠨᠢ ᠮᠢᠨᠦ ᠪᠤᠷᠤᠭᠤ

《ᠡᠷᠳᠡᠨᠢᠰ ᠦᠨ ᠠᠭᠤᠷᠬᠠᠶᠢᠴᠢᠳ》ᠪᠠᠭ ᠤᠨ ᠯᠢᠳᠧᠷ ᠲᠣᠭᠯᠠᠭᠴᠢ ᠲ∙ᠰᠠᠨᠢᠴᠢᠷ ᠪᠠᠭ ᠤᠨ ᠲᠠᠮᠢᠷᠴᠢᠨ ᠢᠶᠠᠨ ᠢᠰᠬᠦᠯᠵᠦ᠂ ᠲᠠᠩᠬᠠᠶᠢᠷᠠᠵᠤ᠂ ᠶᠣᠰᠣ ᠵᠦᠢ ᠦᠭᠡᠢ ᠦᠢᠯᠡᠳᠦᠯ ᠭᠠᠷᠭᠠᠵᠤ ᠪᠠᠶᠢᠭ᠎ᠠ ᠪᠢᠴᠢᠯᠭᠡ ᠴᠠᠬᠢᠮ ᠤᠷᠴᠢᠨ ᠳᠤ ᠲᠠᠷᠬᠠᠭᠠᠳ ᠪᠤᠢ᠃ ᠲᠡᠭᠡᠪᠡᠯ ᠲᠡᠷᠡ ᠨᠡᠶᠢᠭᠡᠮ ᠤᠨ ᠰᠦᠯᠵᠢᠶᠡᠨ ᠳᠦ ᠳᠠᠷᠠᠭᠠᠬᠢ ᠲᠠᠶᠢᠯᠪᠤᠷᠢ ᠶᠢ ᠬᠢᠵᠡᠢ᠄ ᠥᠴᠥᠭᠡᠳᠦᠷ ᠣᠷᠣᠢ ᠲᠣᠭᠯᠠᠯᠲᠠ ᠳᠠᠭᠤᠰᠤᠭᠠᠳ ᠶᠣᠰᠣ ᠵᠦᠢ ᠦᠭᠡᠢ ᠦᠢᠯᠡᠳᠦᠯ ᠭᠠᠷᠭᠠᠭᠰᠠᠨ ᠨᠢ ᠮᠢᠨᠦ ᠪᠤᠷᠤᠭᠤ᠃ ᠰᠠᠭᠰᠤᠨ ᠪᠥᠮᠪᠥᠭᠡ ᠰᠣᠨᠢᠷᠬᠠᠭᠴᠢ ᠬᠡᠦᠬᠡᠳ ᠵᠠᠯᠠᠭᠤᠰ ᠠᠴᠠ ᠠᠭᠤᠴᠢᠯᠠᠯᠲᠠ ᠬᠦᠰᠡᠵᠦ ᠪᠠᠶᠢᠨ᠎ᠠ᠃ ᠶᠠᠭᠠᠬᠢᠭᠠᠳ ᠡᠶᠢᠮᠦ ᠵᠦᠢᠯ ᠪᠣᠯᠤᠭᠰᠠᠨ ᠪᠤᠢ ᠭᠡᠬᠦ ᠪᠡᠷ ᠮᠠᠨ ᠤ ᠪᠠᠭ ᠤᠨ ᠬᠤᠪᠢ ᠳᠤ ᠯᠢᠭ ᠦᠨ ᠪᠡᠯᠡᠳᠬᠡᠯ ᠳᠦ ᠪᠡᠨ ᠶᠢᠰᠦᠨ ᠰᠠᠷ᠎ᠠ ᠠᠴᠠ ᠬᠣᠶᠢᠰᠢ ᠬᠠᠮᠤᠷᠤᠭᠳᠠᠭᠰᠠᠨ᠃ ᠮᠠᠨ ᠤ ᠨᠢᠭᠡ ᠲᠠᠮᠢᠷᠴᠢᠨ ᠡᠨᠡ ᠬᠤᠭᠤᠴᠠᠭᠠᠨ ᠳᠤ 8-9 ᠤᠳᠠᠭ᠎ᠠ ᠰᠢᠯᠲᠠᠭᠠᠨ ᠦᠭᠡᠢ ᠪᠡᠯᠡᠳᠬᠡᠯ ᠲᠠᠰᠤᠯᠵᠤ᠂ ᠪᠠᠭ ᠬᠠᠮᠲᠤ ᠤᠯᠠᠨ ᠢᠶᠠᠨ ᠬᠦᠨᠳᠦᠯᠡᠬᠦ ᠦᠭᠡᠢ᠂ ᠰᠫᠣᠷᠲ ᠤᠨ ᠰᠠᠬᠢᠯᠭ᠎ᠠ ᠪᠠᠲᠤ ᠦᠭᠡᠢ ᠦᠢᠯᠡᠳᠦᠯ ᠭᠠᠷᠭᠠᠭᠰᠠᠨ᠃ ᠡᠨᠡ ᠪᠣᠯᠭᠠᠨ ᠳᠤ ᠨᠢ ᠪᠢ ᠤᠳᠠᠭ᠎ᠠ ᠳᠠᠷᠠᠭ᠎ᠠ ᠬᠡᠯᠡᠵᠦ ᠰᠠᠨᠠᠭᠤᠯᠤᠭᠰᠠᠨ᠃
ᠮᠠᠨ ᠤ ᠪᠠᠭ ᠤᠨ ᠬᠣᠶᠠᠷ ᠲᠣᠭᠯᠠᠭᠴᠢ ᠠᠷᠤ ᠭᠡᠷ ᠦᠨ ᠠᠰᠠᠭᠤᠳᠠᠯ ᠲᠠᠢ᠂ ᠲᠠᠮᠢᠷᠴᠢᠳ ᠳᠤᠲᠠᠭᠤ ᠦᠶ᠎ᠡ ᠳᠦ ᠡᠶᠢᠮᠦ ᠰᠢᠯᠲᠠᠭᠠᠨ ᠢᠶᠠᠷ ᠴᠢᠬᠤᠯᠠ ᠲᠣᠭᠯᠠᠯᠲᠠ ᠶᠢᠨ ᠡᠮᠦᠨ᠎ᠡ ᠡᠳᠦᠷ ᠪᠡᠯᠡᠳᠬᠡᠯ ᠲᠠᠰᠤᠯᠤᠭᠰᠠᠨ ᠳᠤ ᠪᠤᠬᠢᠨᠢᠳᠤᠯ ᠢᠶᠠᠨ ᠰᠢᠭᠤᠳ ᠢᠯᠡᠷᠬᠡᠶᠢᠯᠡᠭᠰᠡᠨ ᠳᠦ ᠪᠡᠨ ᠳᠠᠬᠢᠨ ᠠᠭᠤᠴᠢᠯᠠᠯᠲᠠ ᠬᠦᠰᠡᠵᠦ ᠪᠠᠶᠢᠨ᠎ᠠ᠃ ᠳᠠᠬᠢᠨ ᠡᠶᠢᠮᠦ ᠶᠣᠰᠣ ᠵᠦᠢ ᠦᠭᠡᠢ ᠦᠢᠯᠡᠳᠦᠯ ᠭᠠᠷᠭᠠᠬᠤ ᠦᠭᠡᠢ ᠭᠡᠳᠡᠭ ᠢᠶᠡᠨ ᠡᠭᠦᠪᠡᠷ ᠮᠡᠳᠡᠭᠳᠡᠵᠦ ᠪᠠᠶᠢᠨ᠎ᠠ ᠭᠡᠵᠡᠢ᠃

ᠰᠡᠳᠬᠢᠭᠳᠡᠯ ᠦᠯᠡᠳᠡᠭᠡᠬᠦ