ᠣᠷᠬᠣᠨ ᠠᠶᠢᠮᠠᠭ ᠲᠤ 106 ᠨᠠᠰᠤᠲᠠᠢ ᠨᠢᠭᠡ ᠢᠷᠭᠡᠨ ᠪᠠᠶᠢᠨ᠎ᠠ | News.MN

ᠣᠷᠬᠣᠨ ᠠᠶᠢᠮᠠᠭ ᠲᠤ 106 ᠨᠠᠰᠤᠲᠠᠢ ᠨᠢᠭᠡ ᠢᠷᠭᠡᠨ ᠪᠠᠶᠢᠨ᠎ᠠ

ᠣᠷᠬᠣᠨ ᠠᠶᠢᠮᠠᠭ ᠤᠨ ᠰᠲ᠋ᠠᠲ᠋ᠢᠰᠲ᠋ᠢᠺ ᠤᠨ ᠬᠡᠯᠲᠡᠰ 2021 ᠣᠨ ᠤ ᠨᠡᠶᠢᠭᠡᠮ ᠡᠳ᠋ ᠦᠨ ᠵᠠᠰᠠᠭ ᠤᠨ ᠬᠥᠭᠵᠢᠯ ᠦᠨ ᠦᠵᠡᠭᠦᠯᠦᠯᠲᠡ ᠶᠢ ᠲᠠᠨᠢᠯᠴᠠᠭᠤᠯᠤᠯ᠎ᠠ᠃
ᠣᠷᠬᠣᠨ ᠠᠶᠢᠮᠠᠭ ᠤᠨ ᠡᠷᠦᠬᠡ ᠶᠢᠨ ᠲᠣᠭ᠎ᠠ 29.1 ᠮᠢᠩᠭ᠎ᠠ᠂ ᠰᠠᠭᠤᠷᠢᠨ ᠬᠦᠮᠦᠨ ᠠᠮᠠ ᠶᠢᠨ ᠲᠣᠭ᠎ᠠ 105.7 ᠮᠢᠩᠭ᠎ᠠ ᠳᠤ ᠬᠦᠷᠴᠦ᠂ ᠡᠮᠦᠨᠡᠬᠢ ᠣᠨ ᠠᠴᠠ ᠬᠦᠮᠦᠨ ᠠᠮᠠ ᠶᠢᠨ ᠲᠣᠭ᠎ᠠ 0.3 ᠬᠤᠪᠢ ᠪᠠᠷ᠂ ᠡᠷᠦᠬᠡ ᠶᠢᠨ ᠲᠣᠭ᠎ᠠ 1.8 ᠬᠤᠪᠢ ᠪᠠᠷ ᠨᠡᠮᠡᠭᠳᠡᠵᠡᠢ᠃ ᠬᠦᠮᠦᠨ ᠠᠮᠠ ᠶᠢᠨ 58.9 ᠬᠤᠪᠢ ᠨᠢ 16-59᠂ 32.8 ᠬᠤᠪᠢ ᠨᠢ 0-15᠂ 8.3 ᠬᠤᠪᠢ ᠨᠢ 60 ᠪᠠ ᠲᠡᠭᠦᠨ ᠡᠴᠡ ᠳᠡᠭᠡᠭᠰᠢ ᠨᠠᠰᠤᠨ ᠤ ᠬᠢᠨ ᠪᠠᠶᠢᠨ᠎ᠠ᠃ ᠮᠥᠨ 90 ᠡᠴᠡ ᠳᠡᠭᠡᠭᠰᠢ ᠨᠠᠰᠤᠨ ᠤ 89 ᠠᠬᠠᠮᠠᠳ ᠪᠠᠶᠢᠭ᠎ᠠ ᠠᠴᠠ ᠬᠠᠮᠤᠭ ᠤᠨ ᠥᠨᠳᠥᠷ ᠨᠠᠰᠤᠲᠠᠢ ᠨᠢ 106 ᠨᠠᠰᠤᠲᠠᠢ ᠨᠢᠭᠡ ᠢᠷᠭᠡᠨ ᠪᠠᠶᠢᠨ᠎ᠠ᠃
ᠠᠶᠢᠮᠠᠭ ᠤᠨ ᠬᠡᠮᠵᠢᠶᠡᠨ ᠳᠦ ᠪᠦᠲᠦᠨ ᠥᠨᠥᠴᠢᠨ 78᠂ ᠬᠠᠭᠠᠰ ᠥᠨᠥᠴᠢᠨ 973 ᠬᠡᠦᠬᠡᠳ᠂ 18 ᠬᠦᠷᠲᠡᠯᠡᠬᠢ ᠨᠠᠰᠤᠨ ᠤ ᠬᠡᠦᠬᠡᠳ ᠲᠡᠢ ᠡᠷᠦᠬᠡ ᠲᠣᠯᠣᠭᠠᠶᠢᠯᠠᠭᠰᠠᠨ ᠡᠬᠡ 1250᠂ ᠡᠷᠦᠬᠡ ᠲᠣᠯᠣᠭᠠᠶᠢᠯᠠᠭᠰᠠᠨ ᠡᠮᠡᠭᠲᠡᠶᠢᠴᠦᠳ 2662 ᠪᠠᠶᠢᠨ᠎ᠠ᠃ ᠲᠠᠢᠯᠤᠩᠲᠤ ᠬᠤᠭᠤᠴᠠᠭᠠᠨ ᠳᠤ ᠲᠦᠷᠦᠭᠰᠡᠨ 2231 ᠬᠡᠦᠬᠡᠳ ᠢ ᠢᠷᠭᠡᠨ ᠦ ᠪᠦᠷᠢᠳᠬᠡᠯ ᠳᠦ ᠪᠦᠷᠢᠳᠬᠡᠨ᠂ ᠨᠠᠰᠤ ᠪᠠᠷᠠᠭᠰᠠᠨ 614 ᠬᠦᠮᠦᠨ ᠢ ᠢᠷᠭᠡᠨ ᠦ ᠪᠦᠷᠢᠳᠬᠡᠯ ᠡᠴᠡ ᠬᠠᠰᠤᠵᠤ᠂ 480 ᠭᠡᠷᠯᠡᠯᠲᠡ ᠶᠢ ᠪᠦᠷᠢᠳᠬᠡᠨ᠂ 135 ᠭᠡᠷᠯᠡᠯᠲᠡ ᠴᠤᠴᠠᠯᠠᠭᠳᠠᠵᠤ᠂ 52 ᠬᠡᠦᠬᠡᠳ ᠦᠷᠡᠴᠢᠯᠡᠭᠳᠡᠵᠡᠢ᠃

ᠰᠡᠳᠬᠢᠭᠳᠡᠯ ᠦᠯᠡᠳᠡᠭᠡᠬᠦ