ᠬ ∙ᠡᠯᠪᠡᠭᠵᠠᠶᠠᠭ᠎ᠠ ᠣᠯᠢᠮᠫ ᠤᠨ ᠤᠷᠠᠯᠢᠭ ᠤᠨ ᠱᠠᠩᠨᠠᠯ ᠬᠦᠷᠲᠡᠯ᠎ᠡ | News.MN

ᠬ ∙ᠡᠯᠪᠡᠭᠵᠠᠶᠠᠭ᠎ᠠ ᠣᠯᠢᠮᠫ ᠤᠨ ᠤᠷᠠᠯᠢᠭ ᠤᠨ ᠱᠠᠩᠨᠠᠯ ᠬᠦᠷᠲᠡᠯ᠎ᠡ

2021 ᠣᠨ ᠤ ᠣᠯᠢᠮᠫ ᠤᠨ ᠨᠠᠭᠠᠳᠤᠮ ᠤᠨ ᠬᠦᠷᠢᠶᠡᠨ ᠳᠦ ᠢᠲ᠋ᠠᠯᠢ ᠤᠯᠤᠰ ᠲᠤ ᠪᠣᠯᠤᠭᠰᠠᠨ Art olympic prize ᠲᠡᠮᠡᠴᠡᠭᠡᠨ ᠳᠦ ᠵᠢᠷᠤᠭᠠᠴᠢ ᠬ∙ᠡᠯᠪᠡᠭᠵᠠᠶᠠᠭ᠎ᠠ ᠠᠮᠵᠢᠯᠲᠠᠲᠠᠢ ᠣᠷᠣᠯᠴᠠᠵᠤ ᠤᠷᠠᠨ ᠵᠢᠷᠤᠭ ᠤᠨ ᠱᠠᠩᠨᠠᠯ ᠬᠦᠷᠲᠡᠵᠡᠢ᠃ ᠤᠷᠠᠨ ᠵᠢᠷᠤᠭ ᠤᠨ ᠲᠥᠷᠥᠯ ᠳᠦ ᠪᠦᠲᠦᠭᠡᠯ ᠢᠶᠡᠷ ᠢᠶᠡᠨ ᠤᠷᠢᠭᠳᠠᠨ ᠣᠷᠣᠯᠴᠠᠵᠤ ᠡᠶᠢᠨᠬᠦᠦ ᠱᠠᠩᠨᠠᠯ ᠬᠦᠷᠲᠡᠭᠰᠡᠨ ᠪᠥᠭᠡᠳ ᠡᠨᠡ ᠲᠠᠯ᠎ᠠ ᠪᠠᠷ ᠠᠯᠪᠠᠨ ᠶᠣᠰᠣᠨ ᠤ ᠮᠡᠳᠡᠭᠡᠯᠡᠯ ᠨᠢᠭᠡᠳᠦᠭᠡᠷ ᠰᠠᠷ᠎ᠠ ᠶᠢᠨ 15  ᠳᠦ ᠨᠡᠶᠢᠲᠡ ᠳᠦ ᠰᠠᠴᠤᠭᠳᠠᠬᠤ ᠶᠤᠮ ᠪᠠᠶᠢᠨ᠎ᠠ᠃

ᠵᠢᠷᠤᠭᠠᠴᠢ ᠬ∙ᠡᠯᠪᠡᠭᠵᠠᠶᠠᠭ᠎ᠠ ᠨᠢ 1987 ᠣᠨ ᠳᠤ ᠳᠦᠷᠰᠦᠯᠡᠬᠦ ᠤᠷᠠᠯᠢᠭ ᠤᠨ ᠳᠤᠮᠳᠠ ᠰᠤᠷᠭᠠᠭᠤᠯᠢ ᠶᠢᠨ ᠮᠣᠩᠭᠣᠯ ᠵᠢᠷᠤᠭ ᠤᠨ ᠠᠩᠭᠢ ᠶᠢ ᠳᠦᠭᠦᠷᠭᠡᠵᠦ᠂ 1995 ᠣᠨ ᠳᠤ ᠳᠦᠷᠰᠦᠯᠡᠬᠦ ᠤᠷᠠᠯᠢᠭ ᠤᠨ ᠳᠡᠭᠡᠳᠦ ᠰᠤᠷᠭᠠᠭᠤᠯᠢ ᠶᠢ ᠮᠣᠩᠭᠣᠯ ᠵᠢᠷᠤᠭ ᠤᠨ ᠵᠢᠷᠤᠭᠠᠴᠢ ᠮᠡᠷᠭᠡᠵᠢᠯ ᠢᠶᠡᠷ ᠲᠡᠭᠦᠰᠦᠭᠰᠡᠨ ᠪᠠᠶᠢᠨ᠎ᠠ᠃ ᠲᠡᠷᠡ ᠪᠤᠯ ᠮᠣᠩᠭᠣᠯ᠂ ᠬᠢᠲᠠᠳ᠂ ᠣᠷᠣᠰ ᠂ ᠠᠩᠭᠯᠢ᠂  ᠢᠲ᠋ᠠᠯᠢ᠂ ᠪᠧᠯᠬᠢ᠂ ᠶᠠᠫᠣᠨ᠂ ᠹᠷᠠᠨᠼᠢ᠂ ᠰᠣᠯᠣᠩᠭᠣᠰ ᠵᠡᠷᠭᠡ ᠣᠷᠣᠨ ᠨᠤᠭᠤᠳ ᠲᠤ ᠵᠣᠬᠢᠶᠠᠭᠳᠠᠭᠰᠠᠨ ᠣᠯᠠᠨ ᠤᠯᠤᠰ ᠤᠨ ᠦᠵᠡᠰᠬᠦᠯᠡᠩ ᠦᠳ ᠲᠦ ᠣᠷᠣᠯᠴᠠᠵᠤ ᠱᠠᠩᠨᠠᠯᠲᠤ ᠪᠠᠶᠢᠷᠢᠨ ᠳᠤ  ᠰᠢᠯᠭᠠᠷᠠᠵᠤ ᠪᠠᠶᠢᠭᠰᠠᠨ ᠠᠪᠢᠶᠠᠰᠯᠢᠭ ᠤᠷᠠᠨ ᠪᠦᠲᠦᠭᠡᠯᠴᠢ᠃

ᠲᠡᠷᠡ ᠫᠠᠷᠢᠰ ᠲᠤ ᠪᠣᠯᠤᠭᠰᠠᠨ Salon des Beaux Arts 2019, Carrousel du Louvre ᠦᠵᠡᠰᠬᠦᠯᠡᠩ ᠳᠦ ᠠᠮᠵᠢᠯᠲᠠᠲᠠᠢ ᠣᠷᠣᠯᠴᠠᠵᠤ ᠲᠤᠰᠬᠠᠢ ᠱᠠᠩᠨᠠᠯ᠂  ᠢᠲ᠋ᠠᠯᠢ ᠳᠤ ᠵᠣᠬᠢᠶᠠᠭᠳᠠᠭᠰᠠᠨ l’arte contro la plastica 2019, Rocca dei Rettori ᠦᠵᠡᠰᠬᠦᠯᠡᠩ ᠡᠴᠡ ᠲᠤᠰᠬᠠᠢ ᠱᠠᠩᠨᠠᠯ᠂ 2020 ᠣᠨ ᠤ ᠨᠢᠭᠡᠳᠦᠭᠡᠷ ᠰᠠᠷ᠎ᠠ ᠳᠤ UNESCO  ᠦᠨ ᠢᠲᠡᠭᠡᠮᠵᠢᠲᠦ  ᠽᠸ᠋ᠷᠪᠠᠰ ᠠᠷᠲ ᠺᠯᠦ᠋ᠪ ᠦᠨ 65 ᠳ᠋ᠡᠬᠢ ᠪᠤᠶᠤ ᠫᠠᠷᠢᠰ ᠤᠨ ᠲᠠᠪᠤᠳᠠᠬᠢ ᠤᠷᠠᠨ ᠵᠢᠷᠤᠭ ᠤᠨ ᠰᠢᠮᠫᠤᠽᠢᠦᠮ ᠳᠦ ᠣᠷᠣᠯᠴᠠᠵᠤ ᠠᠯᠲᠠᠨ ᠮᠧᠳᠠᠯ  ᠬᠦᠷᠲᠡᠵᠡᠢ᠃

ᠰᠡᠳᠬᠢᠭᠳᠡᠯ ᠦᠯᠡᠳᠡᠭᠡᠬᠦ