2006 ᠣᠨ ᠤ ᠬᠤᠷᠢᠨ ᠮᠢᠩᠭᠠᠨ ᠤ ᠳᠡᠪᠢᠰᠬᠡᠷᠲᠦ ᠶᠢ ᠭᠦᠢᠯᠭᠡᠭᠡᠨ ᠡᠴᠡ ᠬᠠᠰᠤᠯ᠎ᠠ | News.MN

2006 ᠣᠨ ᠤ ᠬᠤᠷᠢᠨ ᠮᠢᠩᠭᠠᠨ ᠤ ᠳᠡᠪᠢᠰᠬᠡᠷᠲᠦ ᠶᠢ ᠭᠦᠢᠯᠭᠡᠭᠡᠨ ᠡᠴᠡ ᠬᠠᠰᠤᠯ᠎ᠠ

ᠮᠣᠩᠭᠣᠯ ᠪᠠᠩᠭᠢᠨ ᠤ ᠶᠡᠷᠦᠩᠬᠡᠶᠢᠯᠡᠭᠴᠢ ᠶᠢᠨ ᠲᠤᠰᠢᠶᠠᠯ ᠢᠶᠠᠷ 2006 ᠣᠨ ᠳᠤ ᠦᠢᠯᠡᠳᠪᠦᠷᠢᠯᠡᠭᠳᠡᠭᠰᠡᠨ 20000  ᠲᠦᠭᠦᠷᠢᠭ ᠤᠨ ᠳᠡᠪᠢᠰᠬᠡᠷᠲᠦ ᠨᠦᠭᠦᠳ ᠢ 2020 ᠣᠨ ᠤ ᠭᠤᠷᠪᠠᠳᠤᠭᠠᠷ ᠰᠠᠷ᠎ᠠ ᠶᠢᠨ ᠨᠢᠭᠡᠨ ᠡᠴᠡ ᠡᠬᠢᠯᠡᠨ ᠭᠦᠢᠯᠭᠡᠭᠡᠨ ᠡᠴᠡ ᠲᠠᠲᠠᠬᠤ ᠪᠠᠷ ᠪᠣᠯᠤᠯ᠎ᠠ᠃ 2006 ᠣᠨ ᠤ ᠡᠨᠡ ᠬᠦ ᠳᠡᠪᠢᠰᠭᠡᠷᠲᠦ ᠨᠢ ᠣᠯᠠᠨ ᠨᠡᠶᠢᠲᠡ ᠳᠦ ᠵᠣᠷᠢᠭᠤᠯᠤᠭᠰᠠᠨ ᠲᠦᠪᠰᠢᠨ ᠦ ᠬᠠᠮᠠᠭᠠᠯᠠᠯᠲᠠ ᠶᠢᠨ ᠡᠯᠧᠮᠧᠨᠲ ᠬᠠᠩᠭᠠᠯᠲᠠ ᠦᠭᠡᠢ ᠪᠠᠶᠢᠳᠠᠭ ᠠᠴᠠ ᠤᠭ ᠳᠡᠪᠢᠰᠬᠡᠷᠲᠦ ᠶᠢ ᠶᠡᠬᠡᠪᠴᠢᠯᠡᠨ ᠬᠠᠭᠤᠷᠠᠮᠴᠢ ᠪᠠᠷ ᠦᠢᠯᠡᠳᠴᠦ ᠪᠠᠶᠢᠭ᠎ᠠ ᠶᠤᠮ᠃
ᠡᠶᠢᠮᠦ ᠡᠴᠡ 2020 ᠣᠨ ᠤ ᠭᠤᠷᠪᠠᠳᠤᠭᠠᠷ ᠰᠠᠷ᠎ᠠ ᠶᠢᠨ ᠨᠢᠭᠡᠨ ᠡᠴᠡ ᠡᠬᠢᠯᠡᠨ ᠤᠭ ᠳᠡᠪᠢᠰᠬᠡᠷᠲᠦ ᠪᠡᠷ ᠲᠥᠯᠥᠪᠦᠷᠢ ᠲᠣᠭᠠᠴᠠᠭ᠎ᠠ ᠬᠢᠬᠦ ᠶᠢ ᠵᠣᠭᠰᠣᠭᠠᠵᠤ ᠪᠤᠢ ᠪᠥᠭᠡᠳ ᠢᠷᠭᠡᠳ ᠤᠭ ᠳᠡᠪᠢᠰᠬᠡᠷᠲᠦ ᠶᠢ 2022 ᠣᠨ ᠤ ᠭᠤᠷᠪᠠᠳᠤᠭᠠᠷ ᠰᠠᠷ᠎ᠠ ᠶᠢᠨ ᠨᠢᠭᠡᠨ ᠬᠦᠷᠲᠡᠯ᠎ᠡ ᠬᠣᠶᠠᠷ ᠵᠢᠯ ᠦᠨ ᠬᠤᠭᠤᠴᠠᠭᠠᠨ ᠳᠤ ᠪᠠᠩᠬᠢ ᠨᠤᠭᠤᠳ ᠲᠤ ᠪᠣᠯᠤᠨ ᠮᠣᠩᠭᠣᠯ ᠪᠠᠩᠬᠢᠨ ᠳᠤ ᠬᠠᠨᠳᠤᠨ ᠰᠢᠨ᠎ᠡ ᠳᠡᠪᠢᠰᠬᠡᠷᠲᠦ ᠪᠡᠷ ᠴᠢᠯᠦᠭᠡᠲᠡᠢ ᠰᠣᠯᠢᠭᠤᠯᠵᠤ ᠪᠣᠯᠤᠨ᠎ᠠ᠃
ᠢᠷᠭᠡᠳ ᠲᠦ ᠰᠠᠨᠠᠭᠤᠯᠵᠤ ᠬᠡᠯᠡᠬᠦ ᠳᠦ 2006 ᠣᠨ ᠤ 20000 ᠲᠥᠭᠥᠷᠢᠭ ᠦᠨ ᠳᠡᠪᠢᠰᠭᠡᠷᠲᠦ ᠨᠢ ᠶᠠᠮᠠᠷ ᠨᠢᠭᠡᠨ ᠴᠣᠩᠬᠣ ᠦᠭᠡᠢ᠂ ᠲᠤᠤᠵᠠ ᠦᠭᠡᠢ᠂ ᠠᠷᠤ ᠲᠠᠯ᠎ᠠ ᠶᠢᠨ ᠵᠡᠭᠦᠨ ᠳᠤᠤᠷᠠᠳᠤ ᠪᠤᠯᠤᠩ ᠳᠤ 2006 ᠭᠡᠰᠡᠨ ᠲᠣᠭ᠎ᠠ ᠲᠠᠢ ᠪᠠᠶᠢᠬᠤ ᠪᠥᠭᠡᠳ ᠬᠠᠭᠤᠷᠠᠮᠴᠢ ᠪᠤᠰᠤ ᠡᠶᠢᠮᠦ ᠲᠡᠮᠳᠡᠭᠲᠦ ᠡᠵᠡᠮᠰᠢᠵᠦ ᠪᠤᠢ ᠡᠲᠡᠭᠡᠳ 2022 ᠣᠨ ᠤ ᠭᠤᠷᠪᠠᠳᠤᠭᠠᠷ ᠰᠠᠷ᠎ᠠ ᠶᠢᠨ ᠨᠢᠭᠡᠨ ᠬᠦᠷᠲᠡᠯᠡᠬᠢ ᠬᠤᠭᠤᠴᠠᠭᠠᠨ ᠳᠤ ᠰᠣᠯᠢᠭᠤᠯᠵᠤ ᠠᠪᠬᠤ ᠡᠷᠬᠡ ᠲᠡᠢ ᠬᠡᠮᠡᠨ ᠮᠣᠩᠭᠣᠯ ᠪᠠᠩᠬᠢᠨ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ