《ᠡᠯᠢᠲ ᠭᠷᠠᠨᠫᠡᠷᠢ》 ᠳᠤ ᠳ∙ᠪᠠᠲᠤᠰᠦ᠋ᠷᠦᠩ᠂ ᠲ∙ᠮᠦᠩᠬᠡᠵᠤᠯᠠ ᠲᠡᠷᠢᠭᠦᠯᠡᠯ᠎ᠡ | News.MN

《ᠡᠯᠢᠲ ᠭᠷᠠᠨᠫᠡᠷᠢ》 ᠳᠤ ᠳ∙ᠪᠠᠲᠤᠰᠦ᠋ᠷᠦᠩ᠂ ᠲ∙ᠮᠦᠩᠬᠡᠵᠤᠯᠠ ᠲᠡᠷᠢᠭᠦᠯᠡᠯ᠎ᠡ

ᠮᠣᠩᠭᠣᠯ ᠤᠨ ᠰᠫᠣᠷᠲ ᠤᠨ ᠺᠣᠷᠫᠣᠷᠠᠼ ᠠᠴᠠ ᠵᠣᠬᠢᠶᠠᠨ ᠪᠠᠶᠢᠭᠤᠯᠵᠤ ᠪᠤᠢ ᠰᠫᠣᠷᠲ ᠤᠨ 15 ᠬᠣᠯᠪᠣᠭ᠎ᠠ ᠶᠢ ᠨᠢᠭᠡᠳᠬᠡᠭᠰᠡᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠴᠥᠭᠡᠳᠦᠷ ᠡᠬᠢᠯᠡᠭᠰᠡᠨ᠃ ᠲᠡᠮᠡᠴᠡᠭᠡᠨ ᠬᠦᠨᠳᠦ ᠶᠢᠨ ᠡᠷᠭᠦᠯᠲᠡ᠂ 《ᠡᠯᠢᠲ ᠭᠷᠠᠨᠫᠡᠷᠢ》ᠰᠢᠲᠠᠷ᠎ᠠ ᠶᠢᠨ ᠲᠡᠮᠡᠴᠡᠭᠡᠨ ᠢᠶᠡᠷ ᠡᠬᠢᠯᠡᠵᠦ᠂ ᠥᠨᠥᠳᠥᠷ ᠷᠦᠢᠩ ᠦᠨ ᠠᠩᠬᠠᠳᠤᠭᠠᠷ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠪᠣᠯᠤᠨ ᠬᠦᠨᠳᠦ ᠶᠢᠨ ᠡᠷᠭᠦᠯᠲᠡ ᠶᠢᠨ ᠲᠡᠮᠡᠴᠡᠭᠡᠨ ᠢᠶᠡᠷ ᠦᠷᠭᠦᠯᠵᠢᠯᠡᠵᠦ ᠪᠠᠶᠢᠨ᠎ᠠ᠃
ᠥᠴᠥᠭᠡᠳᠦᠷ ᠪᠣᠯᠤᠭᠰᠠᠨ 《ᠡᠯᠢᠲ ᠪᠷᠠᠢᠨ》ᠣᠯᠠᠨ ᠤᠯᠤᠰ ᠤᠨ ᠰᠢᠲᠠᠷ᠎ᠠ ᠶᠢᠨ ᠠᠺᠠᠳᠧᠮᠢ ᠶᠢᠨ ᠨᠡᠷᠡᠮᠵᠢᠲᠦ《ᠡᠯᠢᠲ ᠭᠷᠠᠨᠫᠡᠷᠢ》 ᠲᠡᠮᠡᠴᠡᠭᠡᠨ ᠳᠦ ᠼ∙ᠪᠠᠲᠤᠴᠢᠯᠠᠭᠤᠨ᠂ ᠪ∙ᠭᠦᠨᠳᠠᠸᠠ᠂ ᠭ∙ᠮᠥᠩᠬᠡᠭᠠᠯ᠂ ᠰ∙ᠪᠢᠯᠢᠭᠦᠨ᠂ ᠪ∙ᠮᠥᠩᠭᠥᠨᠲᠠᠭᠤᠯ᠂ ᠠ᠊∙ᠡᠩᠬᠡᠲᠤᠤᠯᠠ ᠲᠡᠷᠢᠭᠦᠲᠡᠢ ᠨᠡᠶᠢᠲᠡ 50 ᠰᠢᠯᠢᠳᠡᠭ ᠰᠢᠲᠠᠷᠠᠴᠢᠳ ᠣᠶᠤᠨ ᠤᠬᠠᠭᠠᠨ ᠢᠶᠠᠨ ᠤᠷᠤᠯᠳᠤᠭᠤᠯᠵᠤ᠂ ᠰᠢᠯᠢᠳᠡᠭ ᠦᠳ ᠢᠶᠡᠨ ᠲᠣᠳᠣᠷᠠᠭᠤᠯᠤᠭᠰᠠᠨ᠃ ᠡᠷᠡᠭᠲᠡᠢ ᠲᠥᠷᠥᠯ ᠳᠦ ᠳ∙ᠪᠠᠲᠤᠰᠦ᠋ᠷᠦᠩ ᠲᠡᠷᠢᠭᠦᠯᠡᠭᠰᠡᠨ ᠪᠣᠯ ᠡᠮᠡᠭᠲᠡᠢ ᠲᠥᠷᠥᠯ ᠳᠦ ᠲ∙ᠮᠦᠩᠬᠡᠵᠤᠯᠠ ᠠᠯᠲᠠᠨ ᠮᠧᠳᠠᠯ ᠬᠦᠷᠲᠡᠯ᠎ᠡ᠃

ᠰᠡᠳᠬᠢᠭᠳᠡᠯ ᠦᠯᠡᠳᠡᠭᠡᠬᠦ