ᠳ∙ᠡᠷᠳᠡᠨᠢᠵᠤᠯᠠ ᠬᠦᠨᠳᠦ ᠶᠢᠨ ᠡᠷᠭᠦᠯᠲᠡ ᠶᠢᠨ ᠳᠡᠭᠡᠳᠦ ᠠᠮᠵᠢᠯᠲᠠ ᠲᠣᠭᠲᠠᠭᠠᠯ᠎ᠠ | News.MN

ᠳ∙ᠡᠷᠳᠡᠨᠢᠵᠤᠯᠠ ᠬᠦᠨᠳᠦ ᠶᠢᠨ ᠡᠷᠭᠦᠯᠲᠡ ᠶᠢᠨ ᠳᠡᠭᠡᠳᠦ ᠠᠮᠵᠢᠯᠲᠠ ᠲᠣᠭᠲᠠᠭᠠᠯ᠎ᠠ

ᠬᠦᠨᠳᠦ ᠶᠢ ᠡᠷᠭᠦᠯᠲᠡ ᠶᠢᠨ ᠨᠠᠰᠤᠨ ᠳᠤ ᠬᠦᠷᠦᠭᠰᠡᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠠᠮᠠᠷᠠᠯᠲᠠ ᠶᠢᠨ ᠡᠳᠦᠷ ᠦᠳ ᠲᠦ《ᠮᠥᠰᠦᠨ ᠥᠷᠭᠥᠭᠡ》  ᠳᠦ ᠪᠣᠯᠪᠠ᠃  ᠡᠮᠡᠭᠲᠡᠶᠢᠴᠦᠳ ᠦᠨ 55 ᠺᠢᠯᠦᠭᠷᠡᠮ ᠤᠨ ᠵᠢᠩ ᠳᠦ《ᠠᠯᠳᠠᠷ》 ᠰᠫᠣᠷᠲ ᠬᠣᠷᠢᠶᠠᠨ ᠤ ᠲᠠᠮᠢᠷᠴᠢᠨ ᠳ∙ᠡᠷᠳᠡᠨᠢᠵᠤᠯᠠ ᠲᠦᠷᠦᠭᠦᠯᠡᠵᠡᠢ᠃
ᠲᠡᠭᠡᠬᠦ ᠳᠦ ᠪᠡᠨ ᠲᠦᠯᠬᠢᠯᠲᠡ ᠲᠡᠢ ᠡᠷᠭᠦᠯᠲᠡ ᠪᠡᠷ 93.98 ᠺᠢᠯᠦᠭᠷᠡᠮ ᠡᠷᠭᠦᠨ᠂ ᠤᠯᠤᠰ ᠤᠨ ᠳᠡᠭᠡᠳᠦ ᠠᠮᠵᠢᠯᠲᠠ ᠶᠢ ᠬᠣᠶᠠᠷ ᠤᠳᠠᠭ᠎ᠠ ᠰᠢᠨᠡᠴᠢᠯᠡᠨ᠂ ᠵᠢᠷᠭᠤᠭᠠᠨ ᠺᠢᠯᠦᠭᠷᠡᠮ ᠢᠶᠡᠷ ᠠᠬᠢᠭᠤᠯᠪᠠ᠃ ᠡᠨᠡ ᠵᠢᠩ ᠳᠦ ᠬᠡᠨᠲᠡᠢ ᠠᠶᠢᠮᠠᠭ ᠤᠨ ᠲᠠᠮᠢᠷᠴᠢᠨ ᠠ᠊∙ᠦᠭᠡᠯᠦᠨ ᠡᠬᠡ ᠮᠥᠩᠭᠥ᠂ ᠳᠠᠷᠬᠠᠨ-ᠠᠭᠤᠯᠠ ᠠᠶᠢᠮᠠᠭ ᠤᠨ ᠲᠠᠮᠢᠷᠴᠢᠨ ᠪ∙ᠤᠳᠬᠤᠨᠲᠤᠤᠯᠠ ᠬᠦᠷᠡᠯ ᠮᠧᠳᠠᠯ ᠬᠦᠷᠲᠡᠯ᠎ᠡ᠃

ᠰᠡᠳᠬᠢᠭᠳᠡᠯ ᠦᠯᠡᠳᠡᠭᠡᠬᠦ