《ᠡᠬᠡ ᠣᠷᠣᠨ ᠳᠤ ᠪᠠᠨ ᠯᠠ ᠤᠴᠢᠬᠤ ᠰᠠᠨ》 ᠪᠠᠷᠢᠮᠲᠠᠲᠤ ᠺᠢᠨᠣ᠋ ᠨᠡᠭᠡᠭᠡᠯᠲᠡ ᠪᠡᠨ ᠬᠢᠯ᠎ᠡ | News.MN

《ᠡᠬᠡ ᠣᠷᠣᠨ ᠳᠤ ᠪᠠᠨ ᠯᠠ ᠤᠴᠢᠬᠤ ᠰᠠᠨ》 ᠪᠠᠷᠢᠮᠲᠠᠲᠤ ᠺᠢᠨᠣ᠋ ᠨᠡᠭᠡᠭᠡᠯᠲᠡ ᠪᠡᠨ ᠬᠢᠯ᠎ᠡ

《ᠵᠥᠪ ᠢ ᠱᠦᠭᠯᠦᠳᠡᠭᠴᠢᠳ》ᠲᠥᠷᠥ ᠶᠢᠨ ᠪᠤᠰᠤ ᠪᠠᠶᠢᠭᠤᠯᠤᠯᠭ᠎ᠠ ᠶᠢᠨ ᠰᠠᠨᠠᠭᠠᠴᠢᠯᠠᠭ᠎ᠠ ᠪᠠᠷ ᠪᠦᠲᠦᠭᠰᠡᠨ《ᠡᠬᠡ ᠣᠷᠣᠨ ᠳᠤ ᠪᠠᠨ ᠯᠠ  ᠤᠴᠢᠬᠤ ᠰᠠᠨ》ᠪᠦᠷᠢᠨ ᠬᠡᠮᠵᠢᠶᠡᠨ ᠦ ᠪᠠᠷᠢᠮᠲᠠᠲᠤ ᠺᠢᠨᠣ᠋ ᠨᠡᠭᠡᠭᠡᠯᠲᠡ ᠪᠡᠨ ᠬᠢᠯ᠎ᠡ᠃ ᠡᠨᠡ ᠬᠦ ᠪᠠᠷᠢᠮᠲᠠᠲᠤ ᠺᠢᠨᠤ᠋ ᠶᠢ ᠲᠤᠰ ᠲᠥᠷᠥ ᠶᠢᠨ ᠪᠤᠰᠤ ᠪᠠᠶᠢᠭᠤᠯᠤᠯᠭ᠎ᠠ ᠶᠢᠨ ᠲᠡᠷᠢᠭᠦᠨ ᠭ ∙ ᠡᠷᠳᠡᠨᠢᠵᠤᠯᠠ ᠫᠷᠣᠳᠢᠶᠦ᠋ᠰᠧᠷᠯᠡᠵᠦ᠂ ᠨᠠᠶᠢᠷᠠᠭᠤᠯᠤᠭᠴᠢ ᠭ ∙ ᠵᠣᠯᠵᠢᠷᠭᠠᠯ ᠤᠨ 《Zoljargal and Son》 ᠫᠷᠤᠳᠠᠺᠱᠢᠨ ᠤ ᠬᠠᠮᠲᠤ ᠣᠯᠠᠨ ᠪᠦᠲᠦᠭᠡᠵᠡᠢ᠃
ᠤᠭ ᠺᠢᠨᠤ᠋ ᠳᠤ ᠴᠠᠷ᠎ᠠ ᠲᠠᠬᠤᠯ ᠤᠨ ᠦᠶ᠎ᠡ ᠳᠦ ᠭᠠᠳᠠᠭᠠᠳᠤ ᠳᠤ ᠭᠠᠴᠢᠭᠰᠠᠨ᠂ ᠡᠷᠬᠡ ᠨᠢ ᠵᠥᠷᠢᠴᠡᠭᠳᠡᠭᠰᠡᠨ᠂ ᠠᠮᠢ ᠨᠠᠰᠤ᠂ ᠡᠷᠡᠭᠦᠯ ᠮᠡᠨᠳᠦ᠂ ᠰᠡᠳᠬᠢᠯ ᠰᠠᠨᠠᠭ᠎ᠠ ᠪᠣᠯᠤᠨ ᠡᠳ᠋ ᠦᠨ ᠵᠠᠰᠠᠭ ᠤᠨ ᠬᠣᠬᠢᠷᠠᠯ ᠠᠮᠰᠠᠭᠰᠠᠨ ᠮᠣᠩᠭᠣᠯ ᠬᠦᠮᠦᠰ ᠦᠨ ᠪᠣᠳᠠᠲᠤ ᠲᠡᠦᠬᠡ᠂ ᠮᠥᠨ ᠡᠵᠢ᠂ ᠠᠪᠤ ᠲᠠᠢ ᠪᠠᠨ ᠠᠭᠤᠯᠵᠠᠵᠤ ᠴᠢᠳᠠᠯ ᠦᠭᠡᠢ ᠡᠭᠦᠷᠢᠳᠡ ᠬᠠᠭᠠᠴᠠᠭᠰᠠᠨ᠂ ᠡᠪᠡᠳᠦᠭᠰᠡᠨ᠂ ᠢᠯᠭᠠᠪᠤᠷᠢᠯᠠᠨ ᠭᠠᠳᠠᠭᠤᠷᠬᠠᠭᠳᠠᠭᠰᠠᠨ ᠭᠡᠳ ᠣᠯᠠᠨ ᠲᠣᠬᠢᠶᠠᠯᠳᠤᠯ ᠤᠨ ᠡᠵᠡᠳ ᠡᠴᠡ ᠭᠠᠳᠠᠨ᠎ᠠ ᠬᠦᠮᠦᠨ ᠦ ᠨᠤᠲᠤᠭ ᠲᠤ ᠪᠡᠶ᠎ᠡ ᠪᠡᠶᠡᠨ ᠢᠶᠡᠨ ᠳᠡᠮᠵᠢᠵᠦ ᠲᠤᠰᠠᠯᠠᠭᠰᠠᠨ ᠮᠣᠩᠭᠣᠯᠴᠤᠳ ᠤᠨ ᠲᠡᠦᠬᠡ ᠪᠠᠭᠲᠠᠵᠠᠢ᠃

ᠰᠡᠳᠬᠢᠭᠳᠡᠯ ᠦᠯᠡᠳᠡᠭᠡᠬᠦ