ᠡᠳ᠋ ᠤᠨ ᠵᠠᠰᠠᠭ ᠤᠨ ᠥᠰᠦᠯᠲᠡ ᠲᠥᠰᠥᠭᠡᠯᠡᠯ ᠡᠴᠡ ᠪᠠᠭ᠎ᠠ ᠭᠠᠷᠴᠠᠢ | News.MN

ᠡᠳ᠋ ᠤᠨ ᠵᠠᠰᠠᠭ ᠤᠨ ᠥᠰᠦᠯᠲᠡ ᠲᠥᠰᠥᠭᠡᠯᠡᠯ ᠡᠴᠡ ᠪᠠᠭ᠎ᠠ ᠭᠠᠷᠴᠠᠢ

ᠮᠣᠩᠭᠣᠯ ᠪᠠᠩᠭᠢᠨ ᠠᠴᠠ ᠡᠳ᠋ ᠦᠨ ᠵᠠᠰᠠᠭ ᠤᠨ ᠥᠰᠦᠯᠲᠡ ᠶᠢᠨ ᠲᠥᠯᠥᠪ ᠢ ᠡᠮᠦᠨᠡᠬᠢ ᠲᠥᠰᠥᠭᠡᠯᠡᠯ ᠡᠴᠡ ᠪᠠᠭᠤᠷᠠᠭᠤᠯᠵᠠᠢ᠃ ᠡᠳ᠋  ᠦᠨ ᠵᠠᠰᠠᠭ ᠤᠨ ᠥᠰᠦᠯᠲᠡ ᠠᠭᠤᠯᠠ ᠠᠭᠤᠷᠬᠠᠢ ᠶᠢᠨ ᠪᠤᠰᠤ ᠰᠠᠯᠪᠤᠷᠢ ᠠᠴᠠ ᠰᠢᠯᠲᠠᠭᠠᠯᠠᠵᠤ 2021 ᠣᠨ ᠤ ᠭᠤᠷᠪᠠᠳᠤᠭᠠᠷ ᠤᠯᠠᠷᠢᠯ ᠳᠤ ᠲᠥᠰᠥᠭᠡᠯᠡᠯ ᠡᠴᠡ ᠪᠠᠭ᠎ᠠ ᠭᠠᠷᠤᠭᠰᠠᠨ ᠪᠠᠶᠢᠨ᠎ᠠ᠃

ᠢᠷᠡᠬᠦ ᠣᠨ ᠳᠤ ᠡᠳ᠋ ᠦᠨ ᠵᠠᠰᠠᠭ ᠤᠨ ᠥᠰᠦᠯᠲᠡ ᠶᠢᠨ ᠲᠥᠯᠥᠪ ᠸᠢᠷᠦ᠋ᠰ ᠤᠨ ᠰᠢᠨ᠎ᠡ ᠬᠤᠪᠢᠯᠪᠤᠷᠢ ᠶᠢᠨ ᠲᠠᠷᠬᠠᠯᠲᠠ᠂ ᠬᠢᠯᠢ ᠶᠢᠨ ᠨᠥᠬᠥᠴᠡᠯ ᠪᠠᠶᠢᠳᠠᠯ ᠬᠡᠷᠬᠢᠨ ᠥᠭᠡᠷᠡᠴᠢᠯᠡᠭᠳᠡᠬᠦ ᠡᠴᠡ ᠰᠢᠭᠤᠳ ᠬᠠᠮᠢᠶᠠᠷᠤᠯ ᠲᠠᠢ᠃ ᠳᠤᠮᠳᠠ ᠬᠤᠭᠤᠴᠠᠭᠠᠨ ᠳᠤ ᠵᠡᠰ ᠦᠨ ᠪᠠᠶᠠᠵᠢᠮᠠᠯ᠂ ᠲᠡᠭᠦᠨ ᠦ ᠠᠭᠤᠯᠤᠮᠵᠢ ᠪᠠᠭᠤᠷᠠᠬᠤ ᠪᠠᠷ ᠪᠠᠶᠢᠭ᠎ᠠ ᠨᠢ ᠠᠭᠤᠯᠠ ᠠᠭᠤᠷᠬᠠᠢ ᠶᠢᠨ ᠦᠢᠯᠡᠳᠪᠦᠷᠢᠯᠡᠯ ᠢ ᠪᠠᠭᠤᠷᠠᠭᠤᠯᠬᠤ ᠨᠥᠯᠥᠭᠡ ᠦᠵᠡᠭᠦᠯᠬᠦ ᠴᠤ ᠪᠤᠰᠤᠳ ᠰᠠᠯᠪᠤᠷᠢ ᠨᠤᠭᠤᠳ ᠴᠠᠷ᠎ᠠ ᠲᠠᠬᠤᠯ ᠲᠠᠢ ᠬᠣᠯᠪᠣᠭ᠎ᠠ ᠲᠠᠢ ᠤᠨᠠᠯᠲᠠ ᠠᠴᠠ ᠭᠠᠷᠴᠤ ᠤᠷᠲᠤ ᠬᠤᠭᠤᠴᠠᠭᠠᠨ ᠤ ᠬᠡᠪ ᠦᠨ ᠲᠦᠪᠰᠢᠨ ᠳᠦ ᠪᠡᠨ ᠬᠦᠷᠬᠦ᠂ ᠮᠥᠨ ᠭᠠᠳᠠᠭᠠᠳᠤ ᠶᠢᠨ ᠰᠢᠭᠤᠳ ᠬᠥᠷᠥᠩᠭᠡ ᠣᠷᠣᠭᠤᠯᠤᠯᠲᠠ ᠨᠡᠮᠡᠭᠳᠡᠬᠦ ᠨᠥᠯᠥᠭᠡ ᠪᠡᠷ ᠳᠣᠲᠣᠭᠠᠳᠤ ᠡᠷᠢᠯᠲᠡ ᠰᠡᠷᠭᠦᠵᠦ᠂ ᠠᠭᠤᠯᠠ ᠠᠭᠤᠷᠬᠠᠢ ᠶᠢᠨ ᠪᠤᠰᠤ ᠰᠠᠯᠪᠤᠷᠢ ᠡᠷᠴᠢᠮᠵᠢᠨ ᠡᠳ᠋ ᠦᠨ ᠵᠠᠰᠠᠭ ᠤᠨ ᠥᠰᠦᠯᠲᠡ ᠶᠢ ᠳᠡᠮᠵᠢᠬᠦ ᠪᠡᠷ ᠪᠠᠶᠢᠨ᠎ᠠ ᠭᠡᠰᠡᠨ ᠶᠤᠮ᠃

ᠰᠡᠳᠬᠢᠭᠳᠡᠯ ᠦᠯᠡᠳᠡᠭᠡᠬᠦ